| | ᠵᠠᠯᠠᠶᠢᠳ ᠬᠤᠰᠢᠭᠤᠨ ᠤ ᠬᠤᠯᠪᠣᠭ᠎ᠠ ᠪᠠᠯᠭᠠᠰᠤᠨ ᠤ ᠶᠦᠩ ᠰᠢᠩ ᠲᠣᠰᠬᠤᠨ ᠤ ᠯᠠᠵᠤᠤ ᠲᠠᠷᠢᠬᠤ | ᠰᠠᠭᠤᠷᠢᠨ ᠳᠤ᠂ ᠯᠠᠵᠤᠤ ᠶᠢᠨ ᠰᠠᠯᠠᠭ᠎ᠠ ᠨᠠᠮᠠᠭ᠎ᠠ ᠨᠢ ᠢᠭᠴᠤ ᠰᠠᠬᠤᠯᠢᠭ ᠤᠷᠭᠤᠵᠤ᠂ ᠠᠮᠢᠵᠢᠷᠠᠯ ᠤᠨ ᠬᠦᠴᠦᠨ ᠢᠶᠠᠷ | ᠪᠢᠯᠬᠠᠮ᠎ᠠ ᠪᠠᠶᠢᠵᠤ᠂ ᠤᠷᠭᠤᠴᠠ ᠨᠢ ᠬᠥᠮᠦᠨ ᠢ ᠪᠠᠶᠠᠰᠬᠠᠭᠰᠠᠨ ᠡᠯᠪᠡᠭ ᠬᠤᠷᠢᠶᠠᠯᠲᠠ ᠶᠢᠨ ᠪᠠᠶᠢᠳᠠᠯ ᠬᠠᠷᠠᠭᠳᠠᠵᠤ | ᠪᠠᠶᠢᠯ᠎ᠠ᠃ | ︽ᠡᠨᠡ ᠵᠢᠯ ᠮᠠᠨ ᠤ ᠶᠦᠩ ᠰᠢᠩ ᠲᠣᠰᠬᠤᠨ ᠨᠠᠮ ᠤᠨ ᠪᠠᠶᠢᠭᠤᠯᠤᠯᠲᠠ ᠪᠠᠷ ᠳᠠᠮᠵᠢᠨ 35 ᠮᠦ ᠤᠯᠠᠭᠠᠨ | ᠯᠠᠵᠤᠤ ᠲᠤᠷᠰᠢᠨ ᠲᠠᠷᠢᠵᠤ᠂ ᠵᠢᠱᠢᠯᠲᠡ ᠪᠠᠷ ᠮᠦ ᠪᠦᠷᠢ ᠶᠢᠨ ᠴᠡᠪᠡᠷ ᠣᠷᠣᠯᠭ᠎ᠠ ᠪᠠᠷᠤᠭ 1500 ᠲᠥᠭᠦᠷᠢᠭ | ᠣᠷᠴᠢᠮ ᠪᠠᠶᠢᠵᠤ᠂ 9 ᠰᠠᠷ᠎ᠠ ᠶᠢᠨ ᠰᠡᠭᠦᠯᠴᠢ ᠪᠠᠷ ᠬᠤᠷᠢᠶᠠᠬᠤ ᠪᠤᠯᠤᠨ᠎ᠠ᠃ ᠮᠠᠨ ᠤ ᠲᠣᠰᠬᠤᠨ ᠤᠨᠴᠠᠯᠢᠬᠳᠤ ᠠᠵᠤ | ᠦᠢᠯᠡᠰ ᠢ ᠬᠥᠭᠵᠢᠭᠦᠯᠦᠭᠰᠡᠨ ᠢᠶᠠᠷ ᠪᠠᠷᠠᠬᠤ ᠥᠬᠡᠶ ᠪᠠᠰᠠ ᠲᠣᠰᠬᠤᠨ ᠤ ᠬᠠᠮᠲᠤ ᠶᠢᠨ ᠣᠷᠣᠯᠭ᠎ᠠ ᠶᠢ 5 ᠲᠦᠮᠡᠨ | ᠲᠥᠭᠦᠷᠢᠭ ᠨᠡᠮᠡᠭᠳᠡᠭᠦᠯᠤᠨ᠂ ᠤᠶᠢᠷ᠎ᠠ ᠬᠠᠪᠢ ᠶᠢᠨ 30 ᠭᠠᠷᠤᠶ ᠬᠥᠮᠦᠨ ᠢ ᠳᠠᠶᠢᠴᠢᠯᠠᠨ ᠠᠵᠤ ᠠᠬᠤᠶ ᠶᠢᠨ | ᠣᠷᠣᠯᠭ᠎ᠠ ᠶᠢ ᠨᠢ ᠨᠡᠮᠡᠭᠳᠡᠭᠦᠯᠪᠡ︾ ᠭᠡᠵᠤ ᠶᠦᠩ ᠰᠢᠩ ᠲᠣᠰᠬᠤᠨ ᠤ ᠺᠠᠳ᠋ᠷ ᠵᠠᠩ ᠯᠢ ᠭᠦᠸᠧ ᠲᠠᠨᠢᠯᠴᠠᠭᠤᠯᠵᠤ | ᠪᠠᠶᠢᠯ᠎ᠠ᠃ | ︽ᠯᠠᠵᠤᠤ ᠲᠠᠷᠢᠬᠤ ᠨᠢ ᠦᠶᠡᠯᠡᠯ ᠤᠨ ᠬᠤᠭᠤᠴᠠᠭ᠎ᠠ ᠣᠬᠤᠷ᠂ ᠦᠷ᠎ᠡ ᠪᠦᠲᠦᠮᠵᠢ ᠲᠦᠷᠭᠡᠨ᠂ ᠬᠡᠷᠡᠭᠴᠡᠭᠡ | ᠱᠠᠭᠠᠷᠳᠠᠯᠭ᠎ᠠ ᠪᠠᠷ ᠶᠡᠭᠡ ᠣᠨᠴᠠᠯᠢᠭ ᠲᠠᠢ ᠪᠠᠶᠢᠵᠤ᠂ ᠲᠣᠰᠬᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠶᠢ | ᠨᠡᠮᠡᠭᠳᠡᠭᠦᠯᠦᠭᠰᠡᠨ ᠢᠶᠠᠷ ᠪᠠᠷᠠᠬᠤ ᠦᠭᠡᠢ ᠪᠠᠰᠠ ᠤᠶᠢᠷ᠎ᠠ ᠬᠠᠪᠢ ᠶᠢᠨ ᠲᠣᠰᠬᠤᠨ ᠤ ᠠᠷᠠᠳ ᠲᠤ ᠠᠵᠢᠯ ᠤᠯᠭᠤᠬᠤ | ᠲᠣᠬᠢᠶᠠᠯ ᠬᠠᠩᠭᠠᠪᠠ︾ ᠭᠡᠵᠤ ᠶᠦᠩ ᠰᠢᠩ ᠲᠣᠰᠬᠤᠨ ᠤ ᠠᠷᠠᠳ ᠰᠢᠶᠠ ᠶᠠᠨ ᠭᠧ ᠬᠡᠯᠡᠵᠤ ᠪᠠᠶᠢᠯ᠎ᠠ᠃ | ᠣᠶᠢᠯᠠᠭᠠᠭᠰᠠᠨ ᠢᠶᠠᠷ᠂ ᠶᠦᠩ ᠰᠢᠩ ᠲᠣᠰᠬᠤᠨ ᠡᠬᠢ ᠪᠠᠶᠠᠯᠢᠭ ᠤᠨ ᠳᠠᠪᠠᠭᠤᠯᠢᠭ ᠲᠤ ᠪᠠᠨ ᠰᠠᠭᠤᠷᠢᠯᠠᠨ᠂ | ᠨᠠᠮ ᠤᠨ ᠪᠠᠶᠢᠭᠤᠯᠤᠯᠲᠠ ᠶᠢᠨ ᠲᠠᠶᠢᠴᠢᠯᠠᠨ ᠳᠠᠭᠠᠭᠤᠯᠬᠤ ᠦᠢᠯᠡᠳᠦᠯ ᠢ ᠦᠷᠭᠦᠯᠵᠢᠯᠡᠨ ᠪᠠᠳᠠᠷᠠᠭᠤᠯᠵᠤ᠂ ᠯᠠᠵᠤᠤ ᠶᠢᠨ | ᠠᠵᠤ ᠦᠢᠯᠡᠰ ᠢᠶᠠᠷ ᠰᠢᠪᠲᠤᠯᠤᠯᠲᠠ ᠶᠢᠨ ᠴᠡᠭ ᠪᠣᠯᠭᠠᠨ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ | ᠬᠥᠳᠡᠭᠡ ᠲᠣᠰᠬᠤᠨ ᠤ ᠣᠨᠴᠠᠯᠢᠭᠲᠤ ᠠᠵᠤ ᠦᠢᠯᠡᠰ ᠢ ᠬᠥᠭᠵᠢᠭᠦᠯᠵᠦ᠂ ︽ᠨᠠᠮ ᠤᠨ ᠪᠠᠶᠢᠭᠤᠯᠤᠯᠲᠠ ᠪᠠᠷ | ᠲᠠᠶᠢᠴᠢᠯᠠᠨ ᠳᠠᠭᠠᠭᠤᠯᠬᠤ + ᠬᠤᠷᠰᠢᠶᠠᠵᠢᠯ + ᠠᠵᠤ ᠠᠬᠤᠶᠢᠯᠠᠯ︾ ᠤᠨ ᠵᠠᠭᠪᠤᠷ ᠢ ᠬᠡᠷᠡᠭᠵᠢᠭᠦᠯᠦᠨ᠂ ᠠᠵᠤ | ᠠᠬᠤᠶᠢᠯᠠᠯ ᠢ ᠣᠷᠣᠭᠤᠯᠤᠨ ᠠᠪᠴᠢᠷᠠᠵᠤ ᠯᠠᠵᠤᠤ ᠶᠢ ᠴᠢᠬᠢ ᠪᠤᠶᠢᠵᠢᠭᠤᠯᠬᠤ᠂ ᠲᠠᠷᠢᠬᠤ᠂ ᠲᠠᠷᠢᠶᠠᠨ ᠭᠠᠵᠠᠷ ᠢ | ᠬᠠᠮᠢᠶᠠᠷᠬᠤ ᠠᠴᠠ ᠲᠡᠭᠦᠵᠦ ᠬᠤᠷᠢᠶᠠᠬᠤ᠂ ᠪᠣᠷᠣᠯᠠᠭᠤᠯᠬᠤ ᠵᠡᠷᠭᠡ ᠭᠤᠭᠴᠣᠭᠠᠨ ᠤ ᠪᠥᠬᠦ ᠠᠵᠤ ᠦᠢᠯᠡᠰ ᠤᠨ | ᠬᠡᠯᠬᠢᠶ᠎ᠡ ᠶᠢᠨ ᠦᠢᠯᠡᠴᠢᠯᠡᠭᠡᠨ ᠤ ᠰᠢᠰᠲ᠋ᠧᠮ ᠢ ᠪᠦᠷᠢᠯᠳᠦᠭᠦᠯᠵᠦ᠂ ᠯᠠᠵᠤᠤ ᠶᠢᠨ ᠠᠵᠤ ᠦᠢᠯᠡᠰ ᠢ ᠬᠦᠭᠵᠢᠭᠦᠯᠬᠦ ᠪᠠᠷ | ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠶᠢ ᠠᠬᠢᠭᠤᠯᠵᠤ᠂ ᠲᠠᠷᠢᠶᠠᠯᠠᠩ ᠤᠨ ᠴᠢᠨᠠᠷ | ᠰᠠᠶᠢᠲᠠᠶ ᠥᠨᠳᠥᠷ ᠪᠦᠲᠦᠮᠵᠢᠲᠡᠶ᠂ ᠬᠥᠳᠡᠭᠡ ᠲᠣᠰᠬᠤᠨ ᠤ ᠣᠷᠣᠰᠢᠨ ᠰᠠᠭᠤᠷᠢᠰᠢᠬᠤ ᠳᠤ ᠲᠠᠭᠠᠯᠠᠮᠵᠢᠲᠠᠢ᠂ | ᠲᠠᠷᠢᠶᠠᠴᠢᠳ ᠤᠨ ᠪᠠᠶᠠᠨ ᠴᠢᠨᠡᠭᠡᠯᠢᠭ ᠪᠠᠶᠢᠬᠤ ᠶᠢ ᠠᠬᠢᠭᠤᠯᠵᠤ ᠪᠤᠢ᠃ | |