ᠪᠤᠯᠭᠠᠨᠬᠤᠸᠠ ᠰᠤᠮᠤ ᠤᠯᠠᠨ ᠠᠷᠭ᠎ᠠ ᠠᠪᠴᠠᠯ ᠢᠶᠠᠷ ᠪᠤᠬᠢᠷᠳᠤᠯ ᠦᠭᠡᠢ ᠬᠦᠭᠵᠢᠯᠳᠠ ᠶᠢ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2024/7/31
    ᠵᠠᠯᠠᠶᠢᠳ ᠬᠤᠰᠢᠭᠤᠨ ᠤ ᠪᠤᠯᠭᠠᠨᠬᠤᠸᠠ ᠰᠤᠮᠤ ︽ᠠᠮᠢ ᠠᠬᠤᠢ ᠶᠢᠨ ᠲᠠᠩᠰᠠ︾ ᠪᠠ ︽ᠠᠵᠤ ᠠᠬᠤᠢ ᠶᠢᠨ ᠲᠠᠩᠰᠠ︾ ᠶᠢ ᠨᠠᠷᠢᠨ ᠲᠤᠳᠤᠷᠬᠠᠢ ᠪᠤᠳᠤᠭᠰᠠᠨ ᠰᠠᠭᠤᠷᠢᠨ ᠲᠡᠭᠡᠷ᠎ᠠ᠂ ᠡᠪᠡᠰᠤ ᠲᠠᠷᠢᠬᠤ᠂ ᠤᠷᠭᠠᠨᠢᠭ ᠪᠤᠷᠳᠤᠭᠤᠷ ᠪᠤᠯᠭᠠᠨ ᠬᠤᠪᠢᠷᠠᠭᠤᠯᠬᠤ᠂ ᠫᠧᠩ ᠬᠤᠷᠢᠶ᠎ᠠ ᠪᠠᠶᠢᠭᠤᠯᠬᠤ᠂ ᠪᠡᠯᠴᠢᠭᠡᠷᠯᠡᠬᠦᠯᠬᠦ ᠶᠢ ᠵᠤᠭᠰᠤᠭᠠᠬᠤ ᠤᠬᠠᠭᠤᠯᠭ᠎ᠠ ᠬᠢᠬᠦ ᠪᠠ ᠡᠬᠦᠯᠳᠡᠷ ᠰᠠᠶᠢᠵᠢᠷᠠᠭᠤᠯᠬᠤ ᠠᠵᠢᠯ ᠢ ᠬᠦᠴᠤᠯᠠᠨ ᠠᠬᠢᠭᠤᠯᠵᠤ᠂ ︽ᠪᠡᠯᠴᠢᠭᠡᠷᠯᠡᠬᠦᠯᠬᠦ ᠶᠢ ᠵᠤᠭᠰᠤᠭᠠᠬᠤ᠂ ᠨᠤᠳᠤᠭ ᠪᠡᠯᠴᠢᠭᠡᠷ ᠢ ᠨᠤᠭᠤᠭᠠᠷᠠᠭᠤᠯᠬᠤ᠂ ᠮᠠᠯᠵᠢᠯ ᠤᠨ ᠦᠢᠯᠡᠰ ᠤᠨ ᠦᠷ᠎ᠠ ᠠᠰᠢᠭ ᠢ ᠲᠡᠭᠡᠭᠰᠢᠯᠡᠬᠦᠯᠬᠦ᠂ ᠠᠷᠠᠳ ᠤᠨ ᠤᠷᠤᠯᠭ᠎ᠠ ᠶᠢ ᠨᠡᠮᠡᠭᠳᠡᠬᠦᠯᠬᠦ︾ ᠠᠮᠢ ᠠᠬᠤᠢ ᠶᠢᠨ ᠡᠷᠬᠢᠯᠳᠡᠳᠤ ᠬᠦᠭᠵᠢᠯᠳᠠ ᠶᠢᠨ ᠵᠠᠮ ᠢ ᠴᠢᠷᠮᠠᠶᠢᠨ ᠰᠦᠪᠡᠭᠴᠢᠯᠡᠯ᠎ᠠ᠃     ᠲᠡᠵᠢᠭᠡᠨ ᠦᠷᠡᠵᠢᠬᠦᠯᠬᠦ ᠡᠷᠤᠬᠡ  ᠴᠧᠩ ᠪᠤᠥ ᠶᠢᠨ ᠬᠢᠨ ᠳᠤ ᠬᠦᠷᠬᠦ ᠳᠤ᠂ ᠰᠤᠮᠤ ᠶᠢᠨ ᠡᠬᠦᠯᠳᠡᠷ ᠰᠠᠶᠢᠵᠢᠷᠠᠭᠤᠯᠤᠭᠴᠢ ᠠᠴᠠ ᠲᠡᠳᠡᠨᠡᠶᠢᠬᠢᠨ ᠳᠤ ᠭᠡᠷ ᠤᠨ ᠲᠡᠵᠢᠭᠡᠪᠤᠷᠢ ᠶᠢᠨ ᠡᠬᠦᠯᠳᠡᠷ ᠰᠠᠶᠢᠵᠢᠷᠠᠭᠤᠯᠬᠤ ᠠᠵᠢᠯ ᠢ ᠬᠢᠵᠤ ᠪᠠᠶᠢᠯ᠎ᠠ᠃ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠳᠤ ᠵᠤᠬᠢᠴᠠᠭᠰᠠᠨ ᠰᠢᠯᠢᠳᠡᠭ ᠡᠬᠦᠯᠳᠡᠷ ᠢ ᠰᠠᠶᠢᠵᠢᠷᠠᠭᠤᠯᠬᠤ ᠪᠠᠷ ᠲᠠᠮᠵᠢᠨ᠂ ᠮᠠᠯ ᠤᠨᠤᠭ᠎ᠠ ᠶᠢᠨ ᠦᠰᠤᠯᠳᠠ ᠶᠢᠨ ᠬᠤᠷᠳᠤᠴᠠ ᠪᠠ ᠡᠪᠡᠳᠴᠢᠨ ᠬᠢᠵᠢᠭ ᠢ ᠰᠡᠷᠭᠡᠶᠢᠯᠡᠬᠦ ᠴᠢᠳᠠᠪᠤᠷᠢ ᠶᠢ ᠲᠡᠭᠡᠭᠰᠢᠯᠡᠬᠦᠯᠵᠤ ᠴᠢᠳᠠᠵᠠᠢ᠃ ᠪᠤᠯᠭᠠᠨᠬᠤᠸᠠ ᠰᠤᠮᠤ ᠡᠬᠦᠯᠳᠡᠷ ᠰᠠᠶᠢᠵᠢᠷᠠᠭᠤᠯᠬᠤ ᠶᠢ ᠴᠢᠩᠭᠠᠳᠬᠠᠬᠤ ᠶᠢᠨ ᠬᠠᠮᠳᠤ ᠪᠠᠶᠢᠩᠭᠤ ᠶᠢᠨ ᠴᠢᠨᠠᠷᠳᠠᠢ ᠪᠠᠷ ᠡᠷᠤᠬᠡ ᠳᠤ ᠬᠦᠨᠵᠡᠭᠡᠶᠢᠷᠡᠨ ᠪᠡᠯᠴᠢᠭᠡᠷᠯᠡᠬᠦᠯᠬᠦ ᠶᠢ ᠵᠤᠭᠰᠤᠭᠠᠬᠤ ᠲᠦᠷᠥ ᠶᠢᠨ ᠪᠤᠳᠤᠯᠭ᠎ᠠ ᠪᠠ ᠲᠤᠭᠳᠠᠭᠰᠠᠨ ᠴᠡᠭ ᠲᠤ ᠫᠧᠩ ᠬᠤᠷᠤᠭ᠎ᠠ ᠪᠠᠶᠢᠭᠤᠯᠤᠨ᠂ ᠮᠠᠯᠴᠢᠳ ᠤᠨ ᠡᠪᠡᠰᠤ ᠪᠡᠯᠴᠢᠭᠡᠷ ᠢ ᠬᠠᠮᠠᠭᠠᠯᠠᠬᠤ ᠲᠠᠨᠢᠯᠳᠠ ᠶᠢ ᠨᠢ ᠲᠡᠭᠡᠭᠰᠢᠯᠡᠬᠦᠯᠵᠤ᠂ ᠶᠡᠷᠥ ᠪᠤᠰᠤ ᠶᠢᠨ ᠴᠠᠭ ᠠᠭᠤᠷ ᠠᠴᠠ ᠪᠤᠢ ᠪᠤᠯᠤᠭᠰᠠᠨ ᠰᠦᠢᠳᠤᠯ ᠢ ᠪᠠᠭᠠᠰᠬᠠᠵᠤ ᠴᠢᠳᠠᠪᠠ᠃     ︽ᠤᠤᠯ ᠳᠠᠭᠠᠨ ᠪᠡᠯᠴᠢᠭᠡᠷᠯᠡᠬᠦᠯᠬᠦ ᠶᠢ ᠵᠤᠭᠰᠤᠭᠠᠬᠤ ᠨᠢ ᠪᠢᠳᠠᠨ ᠤ ᠦᠢᠯᠡᠳᠪᠤᠷᠢᠯᠡᠯ ᠠᠮᠢᠳᠤᠷᠠᠯ ᠢ ᠨᠦᠯᠤᠭᠡᠯᠡᠨ᠎ᠠ ᠭᠡᠵᠦ ᠰᠠᠨᠠᠭ᠎ᠠ ᠵᠤᠪᠠᠵᠤ ᠪᠠᠶᠢᠵᠠᠢ᠂ ᠤᠳᠤᠬᠠᠨ ᠳᠤ᠂ ᠰᠢᠨᠵᠢᠯᠡᠬᠦ ᠤᠬᠠᠭᠠᠨᠴᠢ ᠪᠠᠷ ᠲᠡᠵᠢᠭᠡᠨ ᠦᠷᠡᠵᠢᠬᠦᠯᠬᠦ ᠨᠢ ᠨᠤᠳᠤᠭ ᠪᠡᠯᠴᠢᠭᠡᠷ ᠢ ᠬᠠᠮᠠᠭᠠᠯᠠᠭᠰᠠᠨ ᠢᠶᠠᠷ ᠪᠠᠷᠠᠬᠤ ᠦᠭᠡᠢ᠂ ᠬᠤᠨᠢ ᠮᠠᠯ ᠤᠨ ᠦᠰᠤᠯᠳᠠ ᠶᠢ ᠨᠡᠩ ᠰᠠᠶᠢᠨ ᠪᠤᠯᠭᠠᠯ᠎ᠠ︾ ᠭᠡᠵᠤ ᠵᠠᠯᠠᠶᠢᠳ ᠬᠤᠰᠢᠭᠤᠨ ᠤ ᠪᠤᠯᠭᠠᠨᠬᠤᠸᠠ ᠰᠤᠮᠤ ᠶᠢᠨ ᠪᠤᠯᠭᠠᠨᠬᠤᠸᠠ ᠭᠠᠴᠠᠭᠠᠨ ᠤ ᠠᠷᠠᠳ ᠴᠧᠩ ᠪᠤᠥ ᠶᠠᠷᠢᠨ᠎ᠠ᠃     ᠪᠤᠯᠭᠠᠨᠬᠤᠸᠠ ᠰᠤᠮᠤ ᠭᠡᠷ ᠤᠨ ᠲᠡᠵᠢᠭᠡᠪᠤᠷᠢ ᠶᠢᠨ ᠡᠬᠦᠯᠳᠡᠷ ᠰᠠᠶᠢᠵᠢᠷᠠᠭᠤᠯᠬᠤ ᠪᠠ ᠨᠤᠳᠤᠭ ᠪᠡᠯᠴᠢᠭᠡᠷ ᠢ ᠬᠠᠮᠠᠭᠠᠯᠠᠬᠤ ᠶᠢ ᠬᠠᠮᠳᠤᠳᠬᠠᠨ ᠴᠢᠬᠤᠯᠠᠴᠢᠯᠠᠵᠤ᠂ ᠡᠪᠡᠰᠤ ᠲᠠᠷᠢᠵᠤ ᠬᠦᠷᠢᠶ᠎ᠠ ᠪᠠᠶᠢᠭᠤᠯᠬᠤ ᠠᠵᠢᠯ ᠢ ᠴᠢᠬᠤᠯᠠᠴᠢᠯᠠᠨ᠂ ᠡ᠊ᠨᠠ ᠨᠢ ᠡᠪᠡᠰᠤᠨ ᠤ ᠤᠷᠭᠤᠯᠳᠠ ᠶᠢ ᠪᠠᠳᠤᠯᠠᠭᠰᠠᠨ ᠤ ᠬᠠᠮᠳᠤ ᠬᠡᠳᠤᠷᠡᠳᠡᠯ᠎ᠠ ᠪᠠᠯᠴᠢᠭᠡᠷᠯᠡᠬᠦᠯᠤᠨ ᠡᠪᠡᠰᠤ ᠪᠡᠯᠴᠢᠭᠡᠷ ᠪᠠᠭᠠᠰᠬᠠᠬᠤ ᠠᠴᠠ ᠵᠠᠶᠢᠯᠠᠰᠬᠢᠪᠠ᠃ ᠮᠠᠯ ᠤᠨᠤᠭ᠎ᠠ ᠶᠢᠨ ᠠᠷᠭᠠᠯ ᠬᠤᠷᠭᠤᠯ ᠤᠨ ᠪᠤᠬᠢᠷᠳᠤᠯ ᠤᠨ ᠠᠰᠠᠭᠤᠳᠠᠯ ᠢ ᠪᠦᠳᠤᠮᠵᠢᠳᠠᠢ ᠰᠶᠢᠳᠪᠤᠷᠢᠯᠡᠬᠦ ᠪᠠᠷ ᠲᠤᠰ ᠰᠤᠮᠤ ᠰᠢᠨᠵᠢᠯᠡᠬᠦ ᠤᠬᠠᠭᠠᠨᠴᠢ ᠪᠠᠷ ᠤᠷᠭᠠᠨᠢᠭ ᠪᠤᠷᠳᠤᠭᠤᠷ ᠤᠨ ᠦᠢᠯᠡᠳᠪᠤᠷᠢ ᠶᠢ ᠪᠠᠶᠢᠭᠤᠯᠵᠤ᠂ ᠲᠡᠵᠢᠭᠡᠨ ᠦᠷᠡᠵᠢᠬᠦᠯᠬᠦ ᠡᠷᠤᠬᠡ ᠶᠢ ᠬᠠᠪᠰᠤᠷᠤᠨ ᠰᠦᠢᠳᠭᠡᠯ ᠠᠪᠬᠤ ᠦᠭᠡᠢ ᠪᠠᠷ ᠮᠠᠯ ᠤᠨᠤᠭ᠎ᠠ ᠶᠢᠨ ᠠᠷᠭᠠᠯ ᠬᠤᠷᠭᠤᠯ ᠢ ᠨᠢ ᠴᠡᠪᠡᠷᠯᠡᠨ ᠦᠭᠴᠤ᠂ ᠲᠠᠬᠢᠨ ᠪᠤᠯᠪᠠᠰᠤᠷᠠᠭᠤᠯᠬᠤ ᠪᠠᠷ ᠲᠠᠮᠵᠢᠨ ᠬᠠᠭᠠᠰ ᠰᠠᠷ᠎ᠠ ᠳᠤ 1200 ᠪᠤᠰᠤᠭ᠎ᠠ ᠲᠦᠷᠪᠡᠯᠵᠢᠨ ᠮᠧᠲᠷ ᠲᠠᠯᠠᠪᠠᠢ ᠲᠠᠢ ᠤᠷᠭᠠᠨᠢᠭ ᠪᠤᠷᠳᠤᠭᠤᠷ ᠢ ᠦᠢᠯᠡᠳᠪᠤᠷᠢᠯᠡᠵᠤ᠂ ᠲᠡᠬᠢᠨ ᠡᠪᠡᠰᠤ ᠪᠡᠯᠴᠢᠭᠡᠷ ᠲᠤ ᠬᠡᠷᠡᠭᠯᠡᠨ᠂ ᠲᠠᠬᠢᠨ ᠠᠰᠢᠭᠯᠠᠯᠳᠠ ᠶᠢ ᠦᠨᠡᠨ ᠬᠦ ᠪᠡᠶᠡᠯᠡᠬᠦᠯᠪᠠ᠃                                                         ︵ᠬᠠᠨ ᠱᠤᠸᠠᠩ ᠮᠸᠢ︶
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号