| — ᠪᠦᠬᠦ ᠤᠯᠤᠰ ᠤᠨ ᠰᠢᠯᠢᠳᠡᠭ ᠪᠠᠭᠰᠢ᠂ ᠤᠨᠴᠠ ᠳᠡᠰ ᠤᠨ ᠪᠠᠭᠰᠢ᠂ ᠤᠯᠤᠰ ᠤᠨ ᠨᠡᠶᠢᠲᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠳᠡᠯᠭᠡᠷᠡᠭᠦᠯᠦᠭᠰᠡᠨ ᠲᠡᠷᠢᠭᠦᠨ ᠤ ᠬᠤᠪᠢ ᠬᠦᠮᠦᠨ ᠢᠶᠠᠷ ᠦᠨᠡᠯᠡᠭᠳᠡᠭᠰᠡᠨ | ᠴᠤᠨ ᠹᠸᠡᠭ ᠵᠢᠶᠦ᠋ᠨ ᠤ ᠤᠶᠢᠯᠡ ᠠᠵᠢᠯᠯᠠᠭ᠎ᠠ ᠶᠢ ᠲᠡᠮᠳᠡᠭᠯᠡᠪᠠ | • ᠰᠤᠷᠪᠤᠯᠵᠢᠯᠠᠬᠴᠢ ᠯᠢᠶᠠᠨ ᠪᠤᠤ ᠯᠢ ᠵᠢᠶᠠᠨ ᠫᠢᠡᠭ ᠰᠠᠷᠠᠨ᠎ᠠ | ᠬᠢᠨᠭ᠍ᠭᠠᠨ ᠠᠶᠢᠮᠠᠭ ᠲᠤ ᠡᠶᠢᠮᠤ ᠨᠢᠭᠡᠨ ᠡᠩᠨᠡᠭᠡ ᠪᠠᠶᠢᠳᠠᠬ᠃ | ᠲᠡᠳᠡ ᠪᠣᠯ ᠤᠯᠤᠰ ᠤᠨ ᠨᠡᠶᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠳᠡᠯᠭᠡᠷᠡᠭᠦᠯᠦᠨ | ᠲᠦᠭᠡᠮᠡᠯᠵᠢᠬᠦᠯᠬᠦ ᠶᠢᠨ ᠵᠠᠮᠴᠢᠯᠠᠬᠴᠢ ᠮᠥᠨ᠃ | ᠲᠡᠳᠡ ᠪᠣᠯ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢ ᠲᠦᠯᠬᠢᠨ ᠠᠬᠢᠭᠤᠯᠤᠬᠰᠠᠨ ︽ᠬᠤᠰᠢᠭᠤᠴᠢ | ᠠᠩᠬᠢ︾ ᠮᠦᠨ᠃ ᠳᠤᠷᠠᠳᠤᠭᠤᠰᠢᠲᠠᠢ ᠨᠢ ᠬᠢᠨᠭ᠍ᠭᠠᠨ ᠠᠶᠢᠮᠠᠭ ᠤᠨ ᠰᠤᠷᠭᠠᠨ ᠬᠦᠮᠦᠵᠢᠯ ᠤᠨ ᠲᠤᠪᠴᠢᠶ᠎ᠠ ᠶᠢᠨ | ᠨᠠᠮ ᠤᠨ ᠤᠳᠤᠷᠢᠳᠬᠤ ᠲᠤᠭᠤᠶᠢᠯᠠᠩ ᠤᠨ ᠭᠡᠰᠢᠭᠦᠨ᠂ ᠳᠡᠳ᠋ ᠲᠤᠪᠴᠢᠶᠠᠨ ᠳᠠᠷᠤᠭ᠎ᠠ ᠴᠧᠨ ᠹᠸᠡᠭ ᠵᠢᠶᠦ᠋ᠨ ᠪᠠᠶᠢᠵᠤ᠂ | ᠡᠨᠡᠬᠦ ᠡᠩᠨᠡᠭᠡ ᠶᠢᠨ ᠳᠤᠳᠤᠷᠠᠬᠢ ᠨᠢᠭᠡᠨ ᠨᠡᠶᠢᠳᠡᠯᠢᠭ ᠲᠦᠯᠦᠭᠡᠯᠡᠭᠴᠢ ᠪᠤᠯᠦᠨ᠎ᠠ᠃ | ᠴᠧᠨ ᠹᠸᠡᠭ ᠵᠢᠶᠦ᠋ᠨ 1990 ᠤᠨ ᠳᠤ ᠠᠵᠢᠯ ᠤᠨ ᠪᠠᠶᠢᠷᠢᠨ ᠳᠤ ᠭᠠᠷᠤᠬᠰᠠᠨ ᠲᠡᠷᠡ ᠴᠠᠬ ᠠᠴᠠ ᠨᠠᠭᠠᠰᠢ | 34 ᠵᠢᠯ ᠤᠨ ᠲᠤᠷᠰᠢ᠂ ᠵᠠᠯᠠᠭᠤ ᠽᠠᠨᠳᠠᠨ ᠨᠠᠰᠦᠨ ᠠᠴᠠ ᠪᠠᠨ ᠰᠤᠷᠭᠠᠨ ᠬᠦᠮᠦᠵᠢᠯ ᠤᠨ ᠤᠶᠢᠯᠡᠰ ᠲᠤ ᠤᠶᠤᠨ | ᠤᠬᠠᠭᠠᠨ ᠢᠶᠠᠨ ᠰᠢᠪᠬᠠᠵᠦ᠂ ᠬᠦᠴᠦᠨ ᠴᠢᠳᠠᠯ ᠢᠶᠠᠨ ᠡᠷᠭᠦᠵᠦ᠂ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢ | ᠤᠶᠤᠨ ᠲᠠᠷᠢᠬᠢᠨ ᠳᠠᠭᠠᠨ ᠰᠢᠩᠭᠡᠭᠡᠵᠦ᠂ ᠦᠷᠭᠡᠨ ᠤᠯᠠᠨ ᠪᠠᠭᠰᠢ ᠰᠤᠷᠤᠬᠴᠢ ᠲᠠᠢ ᠰᠡᠳᠬᠢᠯ ᠵᠢᠷᠦᠭᠡ ᠪᠠᠨ | ᠬᠤᠯᠪᠤᠵᠦ᠂ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢᠨ ᠬᠦᠮᠦᠵᠢᠯ ᠳᠤ ᠰᠠᠭᠤᠷᠢᠯᠡᠨ᠂ ᠡᠭᠡᠯ ᠵᠢᠷ ᠤᠨ | ᠠᠵᠢᠯ ᠤᠨ ᠪᠠᠶᠢᠷᠢᠨ ᠳᠤ ᠨᠢᠭᠡ ᠯᠡ ᠰᠡᠳᠬᠢᠯ ᠢᠶᠠᠷ ᠴᠢᠷᠮᠠᠶᠢᠨ ᠠᠵᠢᠯᠯᠠᠵᠦ᠂ ᠤᠷᠢᠳ ᠬᠤᠵᠢᠳ ᠪᠦᠬᠦ ᠤᠯᠤᠰ ᠤᠨ | ︽ᠰᠢᠯᠢᠳᠡᠭ ᠪᠠᠭᠰᠢ︾᠂ ︽ᠤᠨᠴᠠ ᠳᠡᠰ ᠤᠨ ᠪᠠᠭᠰᠢ︾᠂ ︽ᠤᠯᠤᠰ ᠤᠨ ᠨᠡᠶᠢᠲᠡᠮ ᠬᠡᠷᠡᠭᠯᠡᠬᠦ ᠦᠭᠡ ᠬᠡᠯᠡ | ᠦᠰᠦᠭ ᠪᠢᠴᠢᠭ ᠢ ᠳᠡᠯᠭᠡᠷᠡᠭᠦᠯᠦᠭᠰᠡᠨ ᠲᠡᠷᠢᠭᠦᠨ ᠤ ᠬᠤᠪᠢ ᠬᠦᠮᠦᠨ︾ ᠵᠡᠷᠭᠡ ᠢᠷᠠᠭᠤ ᠠᠯᠳᠠᠷ ᠢ ᠬᠦᠷᠲᠡᠵᠦ | ᠶᠠᠪᠤᠬᠰᠠᠨ ᠪᠠᠶᠢᠨ᠎ᠠ᠃ | 1990 ᠣᠨ ᠤ 7 ᠰᠠᠷ᠎ᠠ ᠳᠤ᠂ ᠳᠤᠮᠳᠠᠳᠤ ᠵᠡᠷᠭᠡ ᠶᠢᠨ ᠪᠠᠭᠰᠢ ᠶᠢᠨ ᠰᠤᠷᠭᠠᠭᠤᠯᠢ ᠠᠴᠠ ᠲᠡᠭᠦᠰᠦᠭᠰᠡᠨ ᠤ | ᠳᠠᠷᠠᠭ᠎ᠠ᠂ ᠴᠧᠨ ᠹᠧᠩ ᠵᠢᠶᠦ᠋ᠨ ᠬᠥᠳᠡᠭᠡ ᠲᠣᠰᠬᠤᠨ ᠤ ᠰᠤᠷᠭᠠᠨ ᠬᠥᠮᠦᠵᠢᠯ ᠤᠨ ᠦᠢᠯᠡᠰ ᠤᠨ ᠲᠤᠬᠠᠶ ᠬᠢᠵᠠᠭᠠᠯᠠᠰᠢ | ᠥᠬᠡᠶ ᠬᠦᠰᠡᠯ ᠡᠷᠡᠮᠡᠯᠵᠡᠯ ᠪᠠ ᠬᠠᠶᠢᠷ᠎ᠠ ᠰᠡᠳᠬᠢᠯᠭᠡ ᠶᠢ ᠡᠪᠦᠷᠯᠡᠨ᠂ ᠡᠷᠡᠰ ᠰᠢᠭᠤᠷᠬᠠᠶ ᠪᠠᠷ ᠥᠪᠡᠷ ᠤᠨ ᠨᠤᠲᠤᠭ | — ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠳ᠋ᠠᠱᠢᠵᠠᠢ ᠪᠠᠭ᠎ᠠ ᠰᠤᠷᠭᠠᠭᠤᠯᠢ ᠳᠠᠭᠠᠨ ᠬᠠᠷᠢᠵᠤ᠂ | ᠰᠤᠷᠭᠠᠨ ᠬᠥᠮᠦᠵᠢᠯ ᠤᠨ ᠠᠮᠢᠳᠤᠷᠠᠯ ᠢᠶᠠᠨ ᠡᠬᠢᠯᠡᠭᠦᠯᠦᠭᠰᠡᠨ ᠪᠠᠶᠢᠨ᠎ᠠ᠃ ᠲᠡᠷᠡᠪᠠᠷ ᠠᠵᠢᠯ ᠤᠨ ᠭᠠᠷᠤᠭ᠎ᠠ ᠪᠠᠨ | ᠠᠪᠤᠬᠰᠠᠨ ᠲᠡᠷᠡ ᠴᠠᠬ ᠠᠴᠠ ᠡᠬᠢᠯᠡᠨ ᠠᠩᠭᠢ ᠶᠢᠨ ᠡᠷᠬᠢᠯᠡᠭᠴᠢ ᠶᠢᠨ ᠴᠢᠬᠤᠯᠠ ᠲᠤᠰᠢᠶᠠᠯ ᠢ ᠬᠠᠷᠢᠭᠤᠴᠠᠭᠰᠠᠨ ᠢᠶᠠᠷ | ᠪᠠᠷᠠᠬᠤ ᠦᠭᠡᠢ᠂ ᠪᠠᠰᠠ ᠲᠠᠪᠤᠳᠤᠭᠠᠷ ᠣᠨ ᠤ ᠬᠡᠯᠡ ᠪᠢᠴᠢᠭ ᠤᠨ ᠬᠢᠴᠢᠶᠡᠯ ᠢ ᠵᠢᠭᠠᠵᠤ᠂ ᠤᠶᠤᠨ ᠤᠬᠠᠭᠠᠨ ᠪᠠ | ᠬᠠᠶᠢᠷ᠎ᠠ ᠰᠡᠳᠬᠢᠯᠭᠡ ᠪᠠᠷ ᠬᠥᠳᠡᠭᠡ ᠶᠢᠨ ᠬᠡᠦᠬᠡᠳ ᠤᠨ ᠬᠦᠰᠡᠯ ᠡᠷᠡᠮᠡᠯᠵᠡᠯ ᠢ ᠭᠡᠷᠡᠯᠲᠦᠭᠦᠯᠵᠦ᠂ ᠭᠤᠴᠢᠨ ᠬᠡᠲᠦᠨ ᠵᠢᠯ | ᠰᠤᠷᠭᠠᠨ ᠬᠦᠮᠦᠵᠢᠯ ᠤᠨ ᠤᠶᠢᠯᠡᠰ ᠲᠤ ᠬᠠᠯᠠᠰᠢᠷᠠᠯ ᠦᠭᠡᠢ ᠵᠢᠳᠭᠦᠵᠦ ᠶᠠᠪᠤᠵᠠᠢ᠃ | ᠪᠠᠷᠢᠮᠵᠢᠶ᠎ᠠ ᠠᠪᠢᠶᠠᠨ ᠤ ᠲᠦᠪᠡᠭ ᠢ ᠳᠠᠪᠠᠵᠦ ᠦᠨᠳᠤᠰᠤᠳᠡᠨ ᠤ ᠪᠦᠯᠬᠦᠮᠳᠡᠯ ᠲᠠᠪᠰᠢᠯᠳᠡ ᠶᠢᠨ ᠢᠷᠠᠭᠤᠬᠠᠨ | ᠡᠭᠡᠰᠢᠭ ᠢ ᠴᠢᠪᠬᠠᠳᠠᠬᠰᠠᠨ ᠨᠢ | ︽ᠲᠦᠮᠡᠨ ᠶᠠᠪᠤᠳᠠᠯ ᠤᠨ ᠲᠦᠷᠦᠭᠦᠦ ᠠᠯᠬᠤᠮ ᠨᠢ ᠲᠦᠪᠡᠭ ᠲᠠᠢ︾ ᠭᠡᠳᠡᠭ ᠢᠶᠠᠷ ᠲᠡᠷᠡ ᠴᠠᠬ ᠦᠶ᠎ᠡ ᠳᠤ | ᠮᠠᠰᠢ ᠣᠯᠠᠨ ᠰᠤᠷᠤᠭᠴᠢ ᠬᠢᠴᠢᠶᠡᠯ ᠤᠨ ᠪᠢᠴᠢᠭ ᠢ ᠤᠷᠠᠨ ᠲᠣᠳᠣ ᠤᠩᠰᠢᠵᠤ ᠪᠠᠶᠢᠬᠤ ᠳᠠᠭᠠᠨ ᠬᠡᠯᠡᠨ ᠤ ᠠᠪᠢᠶ᠎ᠠ ᠶᠢ | ᠶᠡᠷᠦ ᠨᠢ ᠰᠠᠶᠢᠬᠠᠨ ᠶᠠᠷᠢᠵᠦ ᠴᠢᠳᠠᠬᠤ ᠦᠭᠡᠢ ᠪᠠᠶᠢᠵᠦ᠂ ︽harizi︾ ᠭᠡᠬᠦ ᠬᠤᠶᠠᠷ ᠥᠰᠥᠭ ᠢ ᠶᠡᠷᠦ ᠨᠢ ︽ | harizhi︾ ᠭᠡᠵᠦ ᠡ᠊ᠨᠳᠡᠭᠦᠤ ᠤᠩᠰᠢᠳᠠᠭ ᠪᠥᠭᠡᠳ ᠴᠢᠨᠠᠭᠰᠢᠯᠠᠪᠠᠯ ᠵᠠᠷᠢᠮ ᠰᠤᠷᠤᠭᠴᠢᠳ ᠨᠤᠲᠤᠭ ᠤᠨ | ᠠᠶᠠᠯᠭᠤ ᠪᠠᠷ ᠪᠠᠭᠰᠢ ᠲᠠᠢ ᠪᠠᠨ ᠶᠠᠷᠢᠯᠴᠠᠵᠤ ᠵᠠᠩᠰᠢᠳᠠᠭ ᠪᠠᠶᠢᠪᠠ᠃ ᠡᠶᠢᠮᠦᠷᠬᠦᠦ ᠪᠠᠶᠢᠳᠠᠯ ᠤᠨ ᠡᠮᠦᠨ᠎ᠡ᠂ ᠴᠧᠨ ᠹᠧᠩ | ᠵᠢᠶᠦ᠋ᠨ ᠪᠠᠭᠰᠢ ᠵᠣᠷᠢᠭ ᠰᠢᠭᠤᠳᠴᠤ᠂ ᠬᠡᠦᠬᠡᠳ ᠤᠳ ᠲᠤ ᠪᠠᠷᠢᠮᠵᠢᠶ᠎ᠠ ᠨᠡᠶᠢᠲᠡᠯᠢᠭ ᠬᠡᠯᠡ ᠶᠢ ᠰᠤᠷᠭᠠᠬᠤ ᠪᠠᠷ | ᠲᠠᠩᠭᠠᠷᠢᠭᠯᠠᠵᠦ᠂ ᠡᠳᠦᠷ ᠳᠤᠳᠤᠮ ᠤᠨ ᠠᠮᠢᠳᠦᠷᠠᠯ ᠳᠠᠭᠠᠨ ᠤᠶᠢᠯᠡᠳᠦᠯᠭᠡᠵᠢᠭᠦᠯᠵᠦ ᠶᠠᠪᠤᠵᠠᠢ᠃ ᠢᠩᠭᠢᠭᠡᠳ ᠲᠡᠷᠡ | ᠠᠩᠭᠢ ᠶᠢᠨ ᠰᠠᠮᠪᠠᠷ᠎ᠠ ᠶᠢᠨ ᠢᠯᠡ ᠭᠠᠵᠠᠷ ᠲᠤ ︽ᠨᠡᠶᠢᠲᠡᠯᠢᠭ ᠬᠡᠯᠡ ᠪᠠᠷ ᠶᠠᠷᠢᠭᠠᠷᠠᠶ᠂ ᠳᠦᠷᠢᠮᠵᠢᠭᠰᠡᠨ ᠦᠰᠦᠭ ᠢᠶᠠᠷ | ᠪᠢᠴᠢᠭᠡᠷᠡᠶ᠂ ᠪᠣᠯᠪᠠᠰᠤᠨ ᠬᠥᠮᠦᠨ ᠪᠣᠯᠤᠭᠠᠷᠠᠶ︾ ᠭᠡᠰᠡᠨ ᠬᠡᠲᠦᠨ ᠦᠰᠦᠭ ᠢ ᠲᠥᠪ ᠴᠢᠩᠭ᠎ᠠ ᠪᠠᠷ ᠪᠢᠴᠢᠵᠦ᠂ | ᠰᠤᠷᠤᠭᠴᠢᠳ ᠤᠨ ᠡᠳᠦᠷ ᠪᠦᠷᠢ ᠣᠯᠵᠤ ᠦᠵᠡᠵᠦ᠂ ᠡᠳᠦᠷ ᠪᠦᠷᠢ ᠤᠩᠰᠢᠬᠤ ᠶᠢ ᠬᠦᠰᠡᠵᠦ᠂ ᠬᠡᠤᠬᠡᠳ ᠤᠨ | ᠪᠠᠷᠢᠮᠵᠢᠶ᠎ᠠ ᠪᠠᠷ ᠦᠬᠡ ᠬᠡᠯᠡᠵᠦ ᠦᠰᠦᠭ ᠪᠢᠴᠢᠬᠦ ᠶᠢ ᠪᠠᠷᠢᠮᠵᠢᠶᠠᠵᠢᠭᠤᠯᠵᠦ᠂ ᠮᠠᠯᠵᠢᠬᠤ ᠨᠤᠳᠤᠭ ᠤᠨ ᠬᠡᠤᠬᠡᠳ ᠤᠨ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠠᠶᠢᠳᠤᠷ ᠰᠤᠷᠴᠤ ᠬᠡᠷᠡᠭᠯᠡᠬᠦ ᠶᠢ ᠠᠬᠢᠭᠤᠯᠤᠨ᠂ | ᠦᠨᠳᠤᠰᠤᠳᠡᠨ ᠤ ᠪᠦᠯᠬᠦᠮᠳᠡᠯ ᠲᠠᠪᠰᠢᠯᠳᠡ ᠶᠢᠨ ᠢᠷᠠᠭᠤᠬᠠᠨ ᠡᠭᠡᠰᠢᠭ ᠢ ᠴᠢᠪᠬᠠᠳᠠᠨ᠎ᠠ ᠪᠢᠯᠡ᠃ | ᠴᠧᠨ ᠪᠠᠭᠰᠢ ᠬᠢᠴᠢᠶᠡᠯ ᠪᠣᠯᠭᠠᠨ ᠢ ᠰᠡᠳᠭᠢᠯ ᠲᠠᠯᠪᠢᠨ ᠪᠡᠯᠡᠳᠭᠡᠵᠦ᠂ ᠰᠤᠷᠤᠭᠴᠢᠳ ᠤᠨ ᠠᠮᠠᠷᠬᠠᠨ ᠪᠤᠷᠤᠭᠤ | ᠤᠩᠰᠢᠬᠤ᠂ ᠬᠤᠳᠬᠤᠯᠳᠤᠬᠤ ᠦᠶ᠎ᠡ ᠶᠢ ᠨᠠᠷᠢᠨ ᠨᠢᠮᠪᠠᠶ ᠡᠮᠬᠢᠯᠡᠵᠦ ᠭᠠᠷᠭᠠᠭᠠᠳ᠂ ᠬᠦᠯᠢᠴᠡᠩᠭᠦᠶ ᠪᠠᠷ ᠲᠡᠳᠡᠨ ᠢ | ᠳᠠᠭᠠᠭᠤᠯᠤᠨ ᠳᠠᠬᠢᠨ ᠳᠠᠪᠲᠠᠨ ᠪᠣᠯᠪᠠᠰᠤᠷᠠᠵᠤ᠂ ᠲᠡᠳᠡᠨ ᠢ ᠵᠢᠯᠣᠭᠤᠳᠤᠨ ᠵᠥᠪ ᠣᠨᠣᠴᠠᠲᠠᠢ᠂ ᠤᠷᠤᠰᠤᠮ᠎ᠠ ᠲᠤᠳᠤ | ᠪᠥᠭᠡᠳ ᠰᠡᠳᠭᠢᠯᠭᠡ ᠲᠠᠢ ᠪᠠᠷ ᠬᠢᠴᠢᠶᠡᠯ ᠢ ᠤᠷᠠᠨ ᠲᠣᠳᠣ ᠤᠩᠰᠢᠭᠤᠯᠵᠠᠢ᠂ ᠴᠧᠨ ᠪᠠᠭᠰᠢ ᠶᠢᠨ ᠬᠠᠯᠠᠰᠢᠷᠡᠯ ᠦᠭᠡᠢ | ᠵᠢᠯᠣᠭᠤᠳᠣᠯᠭ᠎ᠠ ᠳᠣᠣᠷ᠎ᠠ᠂ ᠰᠤᠷᠤᠭᠴᠢᠳ ᠨᠠᠷᠢᠨ ᠬᠢᠨᠠᠮᠠᠭᠠᠶ ᠰᠣᠨᠣᠰᠬᠤ᠂ ᠬᠠᠷᠢᠯᠴᠠᠨ ᠪᠤᠷᠤᠭᠤ ᠪᠠᠨ ᠵᠠᠯᠠᠷᠠᠭᠤᠯᠬᠤ᠂ | ᠲᠣᠯᠢ ᠪᠢᠴᠢᠭ ᠢ ᠦᠷᠭᠦᠯᠵᠢ ᠠᠰᠢᠬᠯᠠᠬᠤ ᠰᠠᠶᠢᠨ ᠳᠠᠳᠬᠠᠯ ᠲᠠᠢ ᠪᠤᠯᠤᠬᠰᠠᠨ ᠪᠦᠭᠡᠳ ᠴᠠᠭ ᠬᠤᠭᠤᠴᠠᠭᠠᠨ ᠤ | ᠥᠩᠭᠡᠷᠡᠬᠦ ᠶᠢ ᠳᠠᠭᠠᠯᠳᠤᠨ᠂ ᠰᠤᠷᠤᠭᠴᠢᠳ ᠤᠨ ᠠᠪᠢᠶᠠᠯᠠᠬᠤ ᠨᠢ ᠠᠭᠠᠵᠢᠮ ᠢᠶᠠᠷ ᠪᠠᠷᠢᠮᠵᠢᠶ᠎ᠠ ᠲᠠᠢ ᠪᠣᠯᠵᠣ᠂ | ᠥᠰᠥᠭ ᠤᠨ ᠲᠢᠭ ᠨᠢ ᠴᠦ ᠤᠯᠠᠮ ᠢᠶᠠᠷ ᠳᠦᠷᠢᠮᠵᠢᠵᠦ᠂ ᠰᠤᠷᠤᠯᠴᠠᠬᠤ ᠤᠷᠮ᠎ᠠ ᠵᠣᠷᠢᠭ ᠨᠢ ᠨᠠᠩ ᠴᠤ ᠡᠳᠦᠷ | ᠢᠷᠡᠬᠦᠶ᠎ᠡ ᠬᠦᠪᠴᠢᠯᠡᠭᠳᠡᠭᠰᠡᠨ ᠪᠠᠶᠢᠨ᠎ᠠ᠃ | ︽ᠪᠢ ᠬᠠᠷᠠᠬᠠᠨ ᠪᠠᠭ᠎ᠠ ᠠᠴᠠ ᠪᠠᠨ ᠮᠠᠯᠵᠢᠬᠤ ᠣᠷᠣᠨ ᠳᠤ ᠠᠮᠢᠳᠤᠷᠠᠵᠤ᠂ ᠨᠡᠶᠢᠳᠡᠮ ᠦᠨᠳᠦᠰᠦᠲᠡᠨ ᠤ ᠪᠠᠨ | ᠬᠡᠯᠡ ᠪᠠᠷ ᠰᠤᠷᠴᠦ᠂ ᠭᠤᠷᠪᠠᠳᠤᠭᠠᠷ ᠣᠨ ᠳᠤ ᠣᠷᠣᠭᠠᠳ ᠰᠠᠶ᠋ᠢ ᠬᠤᠳᠠ ᠳᠤ ᠣᠷᠣᠵᠤ ᠨᠡᠶᠢᠳᠡᠯᠢᠭ ᠬᠡᠯᠡ | ᠰᠤᠷᠤᠬᠰᠠᠨ ᠪᠤᠯᠬᠤᠷ᠂ ᠬᠡᠯᠡ ᠪᠢᠴᠢᠭ ᠢ ᠶᠡᠷᠦ ᠨᠢ ᠲᠠᠭᠠᠵᠤ ᠠᠮᠵᠢᠬᠤ ᠦᠭᠡᠢ᠂ ᠨᠡᠶᠢᠲᠡᠯᠢᠭ ᠬᠡᠯᠡ ᠶᠢ ᠬᠡᠯᠡᠵᠦ | ᠢᠯᠡᠳᠭᠡᠬᠦ ᠳᠡᠭᠡᠨ ᠶᠠᠷᠦ ᠨᠢ ᠠᠨᠠᠢ ᠪᠠᠶᠢᠳᠠᠬ᠃ ᠭᠡᠲᠡᠯ᠎ᠡ ᠵᠣᠯ ᠢᠶᠠᠷ ᠪᠢ ᠴᠧᠨ ᠪᠠᠭᠰᠢ ᠲᠠᠢ ᠠᠭᠤᠯᠵᠠᠭᠠᠳ ᠮᠢᠨᠦ | ᠡᠨᠡᠬᠦ ᠲᠠᠯ᠎ᠠ ᠶᠢᠨ ᠬᠢᠷᠢ ᠲᠦᠪᠰᠢᠨ ᠶᠡᠭᠡ ᠪᠠᠷ ᠳᠡᠭᠡᠭᠰᠢᠯᠡᠵᠠᠢ᠃ ᠲᠡᠷᠡᠪᠡᠷ ᠬᠢᠴᠢᠶᠡᠯ ᠤᠨ ᠲᠠᠩᠬᠢᠮ ᠳᠤ ᠨᠠᠮᠠᠢᠢ | ᠵᠣᠷᠢᠭᠲᠠᠶ ᠪᠠᠷ ᠤᠷᠠᠨ ᠲᠣᠳᠣ ᠤᠩᠰᠢᠵᠤ᠂ ᠥᠪᠡᠷ ᠤᠨ ᠪᠤᠳᠤᠯ ᠢᠶᠠᠨ ᠵᠣᠷᠢᠭᠲᠠᠶ ᠢᠯᠡᠳᠭᠡᠬᠦ ᠶᠢ | ᠵᠣᠷᠢᠭᠵᠢᠭᠤᠯᠤᠭᠰᠠᠨ ᠢᠶᠠᠷ ᠪᠠᠷᠠᠬᠤ ᠦᠭᠡᠢ᠂ ᠪᠠᠰᠠ ᠮᠢᠨᠦ ᠪᠠᠭᠤᠷᠠᠶ ᠲᠠᠯ᠎ᠠ ᠳᠤ ᠴᠢᠭᠯᠡᠭᠦᠯᠦᠨ ᠰᠤᠷᠤᠯᠴᠠᠬᠤ | ᠲᠥᠯᠥᠪᠯᠡᠭᠡ ᠪᠠᠨ ᠣᠨᠴᠠᠭᠠᠶᠢᠯᠠᠨ ᠲᠣᠭᠲᠠᠭᠠᠵᠦ᠂ ᠶᠡᠷᠦ ᠨᠢ ᠤᠷᠢᠳ ᠢᠶᠠᠷ ᠨᠠᠳᠠ ᠪᠠᠷ ᠵᠣᠬᠢᠶᠠᠯ ᠢᠶᠠᠨ ᠶᠠᠷᠢᠭᠤᠯᠵᠤ᠂ | ᠶᠠᠷᠢᠵᠤ ᠢᠯᠡᠳᠭᠡᠬᠦ ᠴᠢᠳᠠᠪᠤᠷᠢ ᠶᠢ ᠳᠠᠪᠲᠠᠨ ᠪᠣᠯᠪᠠᠰᠤᠷᠠᠭᠤᠯᠵᠤ᠂ ᠳᠠᠷᠠᠭ᠎ᠠ ᠨᠢ ᠨᠠᠮᠠᠢᠢ ᠵᠢᠯᠣᠭᠤᠳᠤᠨ ᠪᠢᠷ ᠬᠥᠳᠡᠯᠭᠡᠨ | ᠵᠣᠬᠢᠶᠠᠨ ᠪᠢᠴᠢᠭᠦᠯᠵᠦ᠂ ᠪᠢᠴᠢᠵᠦ ᠢᠯᠡᠳᠭᠡᠬᠦ ᠴᠢᠳᠠᠪᠤᠷᠢ ᠶᠢ ᠠᠭᠠᠵᠢᠮ ᠢᠶᠠᠷ ᠳᠡᠭᠡᠭᠰᠢᠯᠡᠭᠦᠯᠵᠠᠢ᠃ ᠨᠡᠩ | ᠳᠤᠷᠠᠳᠤᠭᠤᠰᠢᠲᠠᠢ ᠤᠴᠢᠷ ᠭᠡᠪᠡᠯ᠂ ᠴᠧᠨ ᠪᠠᠭᠰᠢ ᠤᠳᠠᠭ᠎ᠠ ᠪᠣᠯᠭᠠᠨ ᠮᠢᠨᠦ ᠵᠣᠬᠢᠶᠠᠯ ᠢ ᠨᠢᠭᠤᠷᠲᠠᠨ ᠵᠠᠰᠠᠵᠤ᠂ ᠮᠢᠨᠦ | ᠬᠦᠷᠦᠯᠴᠡᠬᠦ ᠦᠭᠡᠢ ᠲᠠᠯ᠎ᠠ ᠶᠢ ᠬᠠᠯᠠᠰᠢᠷᠠᠯ ᠦᠭᠡᠢ ᠵᠢᠭᠠᠨ ᠭᠠᠷᠭᠠᠵᠤ᠂ ᠨᠠᠳᠠ ᠳᠤ ᠡᠷᠬᠢᠮ ᠨᠠᠨᠳᠢᠨ ᠰᠠᠨᠠᠭᠤᠯᠭ᠎ᠠ | ᠥᠭᠲᠡᠭ᠃ ᠡᠨᠡ ᠨᠢ ᠨᠠᠳᠠ ᠳᠤ ᠠᠪᠴᠦ ᠬᠡᠯᠡᠪᠡᠯ ᠦᠨᠡᠭᠡᠷ ᠰᠡᠳᠬᠢᠯ ᠢ ᠬᠦᠳᠡᠯᠭᠡᠬᠦ ᠶᠠᠪᠤᠳᠠᠯ ᠪᠤᠯᠦᠨ᠎ᠠ᠃ ᠲᠡᠭᠦᠨ ᠤ | ᠨᠠᠷᠢᠨ ᠨᠢᠮᠪᠠᠶ ᠵᠢᠯᠤᠭᠤᠳᠤᠯᠭ᠎ᠠ ᠪᠠᠷ ᠮᠢᠨᠦ ᠬᠡᠯᠡ ᠪᠢᠴᠢᠭ ᠤᠨ ᠬᠢᠷᠢ ᠪᠦᠲᠦᠮᠵᠢ ᠮᠡᠳᠡᠭᠳᠡᠬᠦ᠋ᠴᠡ ᠳᠡᠭᠡᠭᠰᠢᠯᠡᠵᠦ᠂ | ᠬᠤᠵᠢᠮ ᠨᠢ ᠪᠢ ᠭᠤᠣᠯᠳᠠᠯᠭ᠎ᠠ ᠲᠠᠢ ᠳᠤᠮᠳᠠᠳᠤ ᠰᠤᠷᠭᠠᠭᠤᠯᠢ ᠪᠠ ᠶᠡᠭᠡ ᠰᠤᠷᠭᠠᠭᠤᠯᠢ ᠳᠤ ᠤᠷᠤᠭᠰᠢᠲᠠᠶ ᠪᠠᠷ | ᠰᠢᠯᠭᠠᠨ ᠣᠷᠣᠪᠠ᠃ ᠥᠨᠥᠳᠦᠷ ᠪᠢ ᠬᠠᠮᠲᠤ ᠰᠤᠷᠤᠭᠴᠢᠳ ᠲᠠᠢ ᠪᠠᠨ ᠠᠭᠤᠯᠵᠠᠬᠤ ᠪᠦᠷᠢ ᠳᠤ᠂ ᠪᠢᠳᠡ ᠥᠪᠡᠷ ᠤᠨ | ᠡᠷᠬᠡ ᠦᠭᠡᠢ ᠴᠧᠨ ᠪᠠᠭᠰᠢ ᠶᠢᠨ ᠬᠡᠯᠡ ᠪᠢᠴᠢᠭ ᠤᠨ ᠬᠢᠴᠢᠶᠡᠯ ᠢ ᠳᠤᠷᠠᠳᠳᠠᠭ︾ ᠭᠡᠵᠦ ᠴᠧᠨ ᠪᠠᠭᠰᠢ ᠶᠢᠨ | ᠲᠡᠭᠦᠨ ᠳᠤ ᠦᠵᠡᠭᠦᠯᠦᠭᠰᠡᠨ ᠬᠠᠪᠰᠤᠷᠤᠯᠭ᠎ᠠ ᠪᠠ ᠨᠥᠯᠥᠭᠡ ᠶᠢ ᠤᠳᠤ ᠶᠢᠨ ᠠᠵᠢᠯ ᠦᠢᠯᠡᠰ ᠲᠡᠭᠡᠨ ᠪᠠᠭ᠎ᠠ ᠰᠠᠭ᠎ᠠ | ᠠᠮᠵᠢᠯᠲᠠ ᠲᠠᠢ ᠰᠤᠷᠤᠭᠴᠢ ᠪᠦᠦ ᠴᠢᠦᠸᠠᠨ ᠴᠧᠨ ᠪᠠᠭᠰᠢ ᠶᠢᠨ ᠲᠡᠭᠦᠨ ᠳᠤ ᠦᠵᠡᠭᠦᠯᠦᠭᠰᠡᠨ ᠬᠠᠪᠰᠤᠷᠤᠯᠭ᠎ᠠ ᠪᠠ | ᠨᠥᠯᠥᠭᠡ ᠶᠢ ᠡᠷᠭᠢᠴᠡᠭᠦᠯᠦᠨ ᠶᠠᠷᠢᠵᠦ ᠪᠠᠶᠢᠯ᠎ᠠ᠃ | ᠪᠤᠳᠠᠲᠦ ᠤᠶᠢᠯᠡᠳᠦᠯᠭᠡ ᠪᠠᠷ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢ ᠵᠢᠷᠤᠬᠯᠠᠬᠰᠠᠨ ᠨᠢ | ︽ᠴᠢᠷᠮᠠᠶᠢᠯᠭ᠎ᠠ ᠬᠦᠮᠦᠨ ᠢ ᠭᠤᠮᠤᠳᠠᠭᠠᠳᠠᠬ ᠦᠭᠡᠢ︾ ᠭᠡᠳᠡᠭ ᠢᠶᠠᠷ ᠴᠧᠨ ᠹᠸᠡᠭ ᠵᠢᠶᠦ᠋ᠨ ᠪᠠᠭᠰᠢ ᠰᠤᠷᠭᠠᠨ | ᠬᠦᠮᠦᠵᠢᠯ ᠤᠨ ᠤᠶᠢᠯᠡᠰ ᠤᠨ ᠬᠠᠷᠭᠤᠢ ᠳᠤ ᠠᠵᠢᠯᠯᠠᠬᠰᠠᠨ ᠤᠯᠠᠨ ᠵᠢᠯ ᠤᠨ ᠲᠤᠷᠰᠢ᠂ ᠡᠭᠦᠷᠭᠡ ᠬᠠᠷᠢᠭᠤᠴᠠᠯᠭ᠎ᠠ ᠪᠠᠨ | ᠪᠠᠲᠦ ᠴᠡᠭᠡᠵᠢᠯᠡᠨ᠂ ᠤᠶᠢᠭ᠎ᠠ ᠦᠭᠡᠢ ᠴᠢᠷᠮᠠᠶᠢᠯᠭ᠎ᠠ ᠪᠠ ᠨᠢᠮᠪᠠᠢ ᠬᠦᠯᠢᠴᠡᠩᠭᠦᠢ ᠤᠪᠤᠷ ᠢᠶᠠᠷ ᠰᠢᠨ᠎ᠠ ᠶᠢ ᠡᠭᠦᠳᠦᠨ | ᠠᠵᠢᠯᠯᠠᠬᠰᠠᠨ ᠢᠶᠠᠷ ᠭᠠᠨᠵᠤᠭ᠎ᠠ ᠲᠦᠭᠦᠷᠡᠩ ᠠᠮᠵᠢᠯᠲᠠ ᠤᠯᠤᠬᠰᠠᠨ ᠪᠠᠶᠢᠨ᠎ᠠ᠃ ᠤᠷᠢᠳ ᠬᠤᠵᠢᠳ ᠥᠪᠡᠷᠲᠡᠭᠡᠨ | ᠵᠠᠰᠠᠬᠤ ᠣᠷᠣᠨ ᠤ ᠬᠡᠯᠡ ᠪᠢᠴᠢᠭ ᠤᠨ ᠪᠠᠭᠰᠢ ᠶᠢᠨ ᠦᠨᠳᠦᠰᠦᠨ ᠪᠣᠯᠪᠠᠰᠤᠷᠠᠯ ᠤᠨ ᠤᠷᠤᠯᠳᠤᠭᠠᠨ ᠤ ᠨᠢᠭᠡᠳᠦᠭᠡᠷ | ᠳᠡᠰ ᠤᠨ ᠱᠠᠩᠨᠠᠯ᠂ ︽ᠪᠦᠬᠦ ᠤᠯᠤᠰ ᠤᠨ ᠰᠢᠯᠢᠳᠡᠭ ᠪᠠᠭᠰᠢ︾ ᠵᠡᠷᠭᠡ ᠢᠷᠠᠭᠤ ᠠᠯᠳᠠᠷ ᠢ ᠬᠦᠷᠳᠡᠵᠡᠢ᠃ ᠭᠡᠪᠡᠴᠦ | ᠲᠡᠷᠡ ᠡᠨᠡᠬᠦ ᠢᠷᠠᠭᠤ ᠠᠯᠳᠠᠷ ᠲᠤ ᠤᠮᠤᠷᠬᠠᠬ ᠪᠠᠷᠳᠠᠮ ᠶᠠᠪᠤᠬᠰᠠᠨ ᠦᠭᠡᠢ᠂ ᠬᠠᠷᠢᠨ ᠨᠡᠩ ᠢᠯᠡᠭᠦᠦ ᠳᠠᠷᠦᠦ | ᠬᠢᠴᠢᠶᠡᠩᠭᠦᠢ ᠪᠠᠷ ᠠᠵᠢᠯᠯᠠᠵᠦ ᠠᠮᠢᠳᠦᠷᠠᠨ ᠦᠪᠡᠷ ᠤᠨ ᠲᠤᠬᠠᠶᠢᠯᠠᠬᠰᠠᠨ ᠠᠵᠢᠯ ᠳᠠᠭᠠᠨ ᠨᠡᠩ ᠢᠯᠡᠭᠦᠦ | ᠭᠠᠪᠰᠢᠭᠠᠶᠢᠯᠠᠨ ᠬᠤᠪᠢ ᠪᠡᠶ᠎ᠡ ᠶᠢᠨ ᠬᠢᠷᠢ ᠲᠦᠪᠰᠢᠨ ᠢᠶᠠᠨ ᠳᠡᠭᠡᠭᠰᠢᠯᠡᠬᠦᠯᠵᠦ ᠶᠠᠪᠤᠵᠠᠢ᠂ ᠤᠷᠲᠤ ᠬᠤᠭᠤᠴᠠᠭᠠᠨ ᠤ | ᠭᠠᠷᠮᠠᠭᠠᠢ ᠵᠢᠭᠠᠨ ᠰᠤᠷᠭᠠᠯᠲᠠ ᠶᠢᠨ ᠴᠢᠳᠠᠪᠦᠷᠢ ᠪᠠ ᠬᠡᠯᠡ ᠪᠢᠴᠢᠭ ᠤᠨ ᠬᠦᠨ ᠵᠤᠵᠠᠭᠠᠨ ᠪᠤᠯᠪᠠᠰᠦᠷᠠᠯ ᠢᠶᠠᠷ ᠳᠠᠮᠵᠢᠨ | 2002 ᠣᠨ ᠤ 8 ᠰᠠᠷ᠎ᠠ ᠳᠤ᠂ ᠴᠧᠨ ᠹᠧᠩ ᠵᠢᠶᠦ᠋ᠨ ᠥᠪᠡᠷᠲᠡᠭᠡᠨ ᠵᠠᠰᠠᠬᠤ ᠣᠷᠣᠨ ᠤ ᠨᠡᠶᠢᠲᠡᠯᠢᠭ ᠬᠡᠯᠡᠨ ᠤ | ᠬᠢᠷᠢ ᠲᠦᠪᠰᠢᠨ ᠤ ᠰᠢᠯᠭᠠᠭᠴᠢ ᠶᠢᠨ ᠬᠢᠷᠢ ᠬᠡᠮ ᠢ ᠣᠯᠤᠭᠰᠠᠨ ᠤ ᠳᠠᠷᠠᠭ᠎ᠠ᠂ ᠭᠠᠷᠠᠭ ᠤᠨ ᠰᠡᠭᠦᠯᠴᠢ ᠪᠠ ᠡᠪᠦᠯ | ᠵᠣᠨ ᠤ ᠠᠮᠠᠷᠠᠯᠲᠠ ᠶᠢᠨ ᠴᠠᠭ ᠢᠶᠠᠨ ᠠᠰᠢᠭᠯᠠᠨ᠂ ᠶᠠᠳᠠᠷᠠᠯ ᠵᠦᠳᠡᠷᠡᠯ ᠢ ᠬᠠᠶᠢᠬᠤᠷᠤᠯ ᠦᠭᠡᠢ ᠪᠠᠷ ᠪᠥᠬᠦ ᠠᠶᠢᠮᠠᠭ ᠤᠨ | 6 ᠬᠤᠰᠢᠭᠤ ᠰᠢᠶᠠᠨ ᠬᠤᠲᠠ ᠳᠤ ᠬᠦᠷᠴᠦ ᠪᠠᠭᠰᠢ᠂ ᠠᠯᠪᠠᠲᠠᠨ᠂ ᠣᠯᠠᠨ ᠨᠡᠶᠢᠲᠡ ᠶᠢᠨ ᠦᠢᠯᠡᠴᠢᠯᠡᠭᠡᠨ ᠤ ᠠᠵᠢᠯ | ᠲᠥᠷᠥᠯ ᠳᠤ ᠠᠵᠢᠯᠯᠠᠵᠤ ᠪᠠᠶᠢᠭ᠎ᠠ ᠬᠥᠮᠦᠰ ᠤᠨ ᠨᠡᠶᠢᠲᠡᠯᠢᠭ ᠬᠡᠯᠡᠨ ᠤ ᠬᠢᠷᠢ ᠲᠦᠪᠰᠢᠨ ᠤ ᠪᠣᠯᠪᠠᠰᠤᠷᠠᠯ | ᠰᠢᠯᠭᠠᠯᠲᠠ ᠶᠢᠨ ᠠᠵᠢᠯ ᠢ ᠥᠷᠨᠢᠭᠦᠯᠵᠦ᠂ ᠨᠡᠶᠢᠲᠡᠯᠢᠭ ᠬᠡᠯᠡ ᠶᠢ ︽ᠬᠡᠷ ᠤᠨ ᠡᠭᠦᠳᠡᠨ ᠳᠤ︾ ᠬᠦᠷᠭᠡᠵᠦ᠂ ᠪᠣᠳᠠᠲᠤ | ᠠᠵᠢᠯᠯᠠᠭ᠎ᠠ ᠪᠠᠷ ᠢᠶᠠᠨ ᠨᠡᠶᠢᠲᠡᠯᠢᠭ ᠬᠡᠯᠡ ᠶᠢ ᠲᠦᠭᠡᠮᠡᠯᠵᠢᠭᠦᠯᠦᠨ᠂ ᠦᠨᠳᠦᠰᠦᠲᠡᠨ ᠨᠦᠭᠦᠳ ᠤᠨ ᠬᠤᠷᠤᠭᠤᠨᠳᠤᠬᠢ | ᠶᠠᠷᠢᠴᠠᠯᠭᠠ ᠶᠠᠪᠤᠯᠴᠠᠭ᠎ᠠ ᠶᠢ ᠴᠢᠩᠭᠠᠳᠬᠠᠵᠦ᠂ ᠦᠨᠳᠦᠰᠦᠲᠡᠨ ᠤ ᠪᠦᠯᠬᠦᠮᠳᠡᠯ ᠲᠠᠪᠰᠢᠯᠲᠠ ᠶᠢᠨ ᠠᠭᠤᠤ ᠶᠡᠭᠡ ᠬᠦᠭ | ᠠᠶᠠᠰ ᠢ ᠤᠯᠠᠨ ᠲᠦᠮᠡᠨ ᠳᠤ ᠴᠤᠤᠷᠢᠶᠠᠳᠤᠭᠤᠯᠦᠨ ᠬᠠᠨᠭ᠍ᠬᠢᠨᠠᠭᠤᠯᠵᠠᠢ᠃ | ᠬᠢᠴᠢᠶᠡᠯ ᠤᠨ ᠲᠠᠩᠬᠢᠮ ᠤᠨ ᠦᠷ᠎ᠡ ᠪᠦᠲᠦᠮᠵᠢ ᠶᠢ ᠤᠯᠠᠮ ᠴᠢᠨᠠᠭᠰᠢᠳᠠ ᠳᠡᠭᠡᠭᠰᠢᠯᠡᠭᠦᠯᠬᠦ ᠶᠢᠨ ᠲᠥᠯᠥᠭᠡ᠂ | ᠲᠡᠷᠡᠪᠠᠷ ᠣᠷᠭᠢᠯᠤᠮ᠎ᠠ ᠬᠠᠯᠠᠭᠤᠨ ᠰᠡᠳᠭᠢᠯᠭᠡ ᠪᠠᠷ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠬᠠᠤᠯᠢ︾ ᠵᠡᠷᠭᠡ ᠬᠤᠯᠪᠣᠭᠳᠠᠯ ᠪᠦᠬᠦᠢ ᠬᠠᠤᠯᠢ | ᠲᠣᠭᠲᠠᠭᠠᠯ ᠪᠣᠯᠤᠨ ᠳᠦᠷᠢᠮᠵᠢᠯ ᠢ ᠭᠦᠨᠵᠡᠭᠡᠢ ᠰᠤᠷᠤᠯᠴᠠᠬᠤ ᠶᠢᠨ ᠬᠠᠮᠲᠤ ᠥᠷᠭᠡᠨ ᠢᠶᠠᠷ ᠤᠯᠠᠮᠵᠢᠯᠠᠪᠠ᠃ ᠡᠭᠦᠨ ᠤ | ᠬᠠᠮᠲᠤ᠂ ᠠᠳᠠᠯᠢ ᠪᠤᠰᠤ ᠰᠤᠷᠤᠭᠴᠢ ᠶᠢᠨ ᠦᠭᠡ ᠬᠡᠯᠡᠨ ᠤ ᠣᠨᠴᠠᠯᠢᠭ ᠲᠤ ᠴᠢᠭᠯᠡᠭᠦᠯᠦᠨ᠂ ᠵᠢᠭᠠᠨ ᠰᠤᠷᠭᠠᠬᠤ | ᠲᠥᠰᠦᠯ ᠢ ᠲᠠᠬᠢᠨ ᠳᠠᠪᠲᠠᠨ ᠶᠠᠷᠢᠵᠤ᠂ ᠨᠠᠷᠢᠯᠢᠭ ᠣᠨᠣᠴᠠᠲᠠᠶ ᠪᠣᠯᠭᠠᠬᠤ ᠪᠠᠷ ᠴᠢᠷᠮᠠᠶᠢᠬᠰᠠᠨ ᠪᠦᠭᠡᠳ ᠪᠠᠰᠠ | ᠥᠪᠡᠷ ᠤᠨ ᠬᠢᠴᠢᠶᠡᠯᠯᠡᠬᠦ ᠠᠭᠤᠯᠭ᠎ᠠ ᠪᠠᠨ ᠰᠢᠩᠭᠡᠭᠡᠨ ᠦᠢᠯᠡᠳᠴᠦ᠂ ᠳᠤᠮᠳᠠ ᠠᠴᠠ ᠨᠢ ᠵᠢᠭᠠᠨ ᠰᠤᠷᠭᠠᠯᠲᠠ ᠶᠢᠨ | ᠬᠦᠷᠦᠯᠴᠡᠬᠦ ᠦᠭᠡᠢ ᠲᠠᠯ᠎ᠠ ᠪᠠᠨ ᠡᠷᠢᠨ ᠣᠯᠵᠤ᠂ ᠦᠷᠭᠦᠯᠵᠢᠯᠡᠨ ᠰᠠᠶᠢᠵᠢᠷᠠᠭᠤᠯᠤᠨ ᠰᠢᠯᠢᠳᠡᠭᠵᠢᠭᠦᠯᠪᠡ᠃ ᠤᠷᠳᠤ | ᠬᠤᠭᠤᠴᠠᠭᠠᠨ ᠤ ᠦᠢᠯᠡᠳᠦᠯᠭᠡ ᠶᠢᠨ ᠳᠤᠮᠳᠠ᠂ ᠲᠡᠷᠡ ᠰᠤᠷᠤᠭᠴᠢᠳ ᠤᠨ ᠠᠮᠠᠷᠬᠠᠨ ᠪᠤᠷᠤᠭᠤ ᠤᠩᠰᠢᠳᠠᠭ ᠦᠬᠡ ᠶᠢ | 2000 ᠭᠠᠷᠤᠶ ᠴᠤᠭᠯᠠᠭᠤᠯᠤᠨ ᠡᠮᠬᠢᠳᠭᠡᠨ᠂ ᠦᠨᠳᠦᠷ ᠪᠠᠷᠢᠮᠵᠢᠶᠠᠲᠦ ᠬᠢᠴᠢᠶᠡᠯ ᠤᠨ ᠲᠠᠩᠬᠢᠮ ᠪᠠ ᠰᠢᠯᠢᠳᠡᠭ ᠶᠠᠰᠦ | ᠴᠢᠨᠠᠷ ᠲᠠᠢ ᠵᠢᠭᠠᠨ ᠰᠤᠷᠭᠠᠯᠲᠠ ᠶᠢ ᠡᠭᠦᠳᠬᠦ ᠪᠠᠷ ᠴᠢᠷᠮᠠᠶᠢᠵᠦ᠂ ᠰᠤᠷᠤᠬᠴᠢ᠂ ᠭᠡᠷ ᠤᠨ ᠠᠬᠠᠮᠡᠳ ᠲᠤ ᠰᠡᠳᠬᠢᠯ | ᠬᠠᠨᠤᠮᠵᠢᠲᠠᠢ ᠰᠤᠷᠭᠠᠨ ᠬᠦᠮᠦᠵᠢᠯ ᠬᠦᠷᠲᠡᠭᠡᠬᠦ ᠳᠤ ᠬᠠᠮᠤᠭ ᠬᠦᠴᠦᠨ ᠢᠶᠠᠨ ᠡᠷᠭᠦᠭᠰᠡᠨ ᠪᠠᠶᠢᠨ᠎ᠠ᠃ | ᠪᠠᠭᠰᠢ ᠶᠢᠨ ᠠᠵᠢᠯ ᠢ ᠦᠵᠡᠬᠦ ᠳᠤ ᠡᠪ ᠡᠩ ᠤᠨ ᠮᠡᠲᠦ ᠰᠠᠨᠠᠬᠳᠠᠳᠠᠬ᠂ ᠠᠵᠢᠯ ᠤᠨ ᠠᠷᠦ ᠳᠤ ᠦᠨᠡᠨ ᠳᠡᠭᠡᠨ | ᠲᠤᠭ᠎ᠠ ᠲᠣᠮᠰᠢ ᠦᠭᠡᠢ ᠴᠢᠷᠮᠠᠶᠢᠯᠭ᠎ᠠ ᠪᠠ ᠪᠠᠷᠢᠮᠲᠠᠯᠠᠯ ᠠᠭᠤᠯᠤᠭᠳᠠᠵᠤ ᠪᠠᠶᠢᠳᠠᠭ᠃ 10 ᠵᠢᠯ ᠤᠨ ᠬᠤᠭᠤᠴᠠᠭᠠᠨ ᠳᠤ | ᠂ ᠲᠡᠷᠡ ᠨᠡᠶᠢᠲᠡᠯᠢᠭ ᠬᠡᠯᠡᠨ ᠤ ᠪᠣᠯᠪᠠᠰᠤᠷᠠᠯ ᠤᠨ ᠬᠢᠴᠢᠶᠡᠯ ᠵᠢᠭᠠᠬᠤ ᠡᠭᠦᠷᠭᠡ ᠶᠢ 200 ᠭᠠᠷᠤᠶ ᠬᠤᠭᠤᠴᠠᠭ᠎ᠠ᠂ | ᠪᠣᠯᠪᠠᠰᠤᠷᠠᠯ ᠤᠨ ᠬᠢᠴᠢᠶᠡᠯ ᠤᠨ ᠴᠠᠭ ᠢ 8000 ᠭᠠᠷᠤᠶ ᠡᠬᠦᠷᠭᠡᠯᠡᠵᠤ᠂ 2 ᠲᠦᠮᠡ ᠭᠠᠷᠤᠶ ᠰᠤᠷᠤᠭᠴᠢ ᠶᠢ | ᠪᠣᠯᠪᠠᠰᠤᠷᠠᠭᠤᠯᠵᠤ᠂ ᠲᠦᠮᠡ ᠭᠠᠷᠤᠶ ᠬᠥᠮᠦᠨ ᠢ ᠰᠢᠯᠭᠠᠵᠠᠶ᠃ | | ᠤᠯᠠᠨ ᠠᠴᠠ ᠴᠤᠯᠭᠤᠷᠠᠬᠰᠠᠨ ᠲᠤᠬᠠᠶᠢᠯᠠᠬᠰᠠᠨ ᠠᠵᠢᠯ ᠤᠨ ᠬᠢᠷᠢ ᠴᠢᠳᠠᠪᠦᠷᠢ ᠲᠠᠢ ᠪᠤᠯᠬᠤᠷ 2012 ᠣᠨ ᠤ | 12 ᠰᠠᠷ᠎ᠠ ᠳᠤ᠂ ᠳᠡᠭᠡᠷ᠎ᠠ ᠱᠠᠲᠦᠨ ᠠᠴᠠ ᠴᠧᠨ ᠹᠧᠩ ᠵᠢᠶᠦ᠋ᠨ ᠢ ᠬᠢᠩᠭᠠᠨ ᠠᠶᠢᠮᠠᠭ ᠤᠨ ᠰᠤᠷᠭᠠᠨ ᠬᠥᠮᠦᠵᠢᠯ ᠤᠨ | ᠲᠤᠪᠴᠢᠶ᠎ᠠ ᠶᠢᠨ ᠠᠵᠢᠯᠳᠠᠨ ᠤ ᠶᠠᠪᠤᠳᠠᠯ ᠪᠣᠯᠤᠨ ᠭᠠᠳᠠᠭᠠᠳᠤ ᠶᠠᠪᠤᠳᠠᠯ ᠤᠨ ᠰᠠᠯᠠᠭ᠎ᠠ ᠳᠤ ᠠᠵᠢᠯ ᠰᠢᠯᠵᠢᠭᠦᠯᠵᠦ᠂ | ᠦᠭᠡ ᠬᠡᠯᠡ ᠦᠰᠦᠭ ᠪᠢᠴᠢᠭ ᠤᠨ ᠠᠵᠢᠯ ᠢ ᠪᠦᠬᠦ ᠲᠠᠯ᠎ᠠ ᠪᠠᠷ ᠠᠬᠢᠭᠤᠯᠬᠤ ᠬᠦᠨᠳᠦ ᠡᠭᠦᠷᠭᠡ ᠶᠢ ᠬᠠᠷᠢᠭᠤᠴᠠᠭᠤᠯᠵᠠᠢ | ᠃ ᠲᠡᠷᠡ ᠦᠶ᠎ᠡ ᠳᠤ᠂ ᠬᠢᠩᠭᠠᠨ ᠠᠶᠢᠮᠠᠭ ᠤᠨ ᠤᠯᠠᠭᠠᠨᠬᠤᠲᠠ ᠶᠠᠭ ᠰᠠᠶ᠋ᠢᠬᠠᠨ ᠤᠯᠤᠰ ᠤᠨ ᠬᠤᠶᠠᠳᠤᠭᠠᠷ | ᠲᠦᠷᠦᠯ ᠤᠨ ᠬᠤᠳᠠ ᠶᠢᠨ ᠦᠭᠡ ᠬᠡᠯᠡ ᠦᠰᠦᠭ ᠪᠢᠴᠢᠭ ᠤᠨ ᠠᠵᠢᠯ ᠤᠨ ᠪᠠᠷᠢᠮᠵᠢᠶ᠎ᠠ ᠳᠤ ᠬᠦᠷᠦᠭᠰᠡᠨ ᠪᠠᠶᠢᠳᠠᠯ ᠢ | ᠦᠨᠡᠯᠡᠨ ᠵᠢᠱᠢᠬᠦ ᠵᠠᠩᠭᠢᠯᠠᠭ᠎ᠠ ᠶᠢᠨ ᠴᠠᠭ ᠦᠶ᠎ᠡ ᠳᠤ ᠪᠠᠶᠢᠵᠠᠢ᠂ ᠲᠡᠷᠡᠪᠠᠷ ᠥᠴᠦᠬᠡᠨ ᠴᠦ ᠭᠤᠮᠣᠳᠠᠯ ᠦᠭᠡᠢ ᠪᠠᠷ | ᠦᠨᠳᠦᠰᠦᠨ ᠱᠠᠲᠤᠨ ᠳᠤ ᠪᠠᠭᠤᠵᠦ᠂ ᠡᠯ᠎ᠡ ᠨᠠᠮ ᠵᠠᠰᠠᠭ ᠤᠨ ᠪᠠᠶᠢᠭᠤᠯᠭ᠎ᠠ᠂ ᠰᠤᠷᠭᠠᠭᠤᠯᠢ᠂ ᠰᠣᠨᠢᠨ ᠮᠡᠳᠡᠭᠡᠨ ᠤ | ᠵᠠᠭᠤᠴᠢᠯᠠᠭᠤᠷ ᠵᠢᠴᠢ ᠤᠯᠠᠨ ᠨᠡᠶᠢᠲᠡ ᠶᠢᠨ ᠦᠢᠯᠡᠴᠢᠯᠡᠭᠡᠨ ᠤ ᠠᠵᠢᠯ ᠲᠦᠷᠦᠯ ᠳᠤ ᠰᠠᠨᠠᠭᠠᠴᠢᠯᠠᠭ᠎ᠠ ᠠᠴᠠ ᠪᠠᠨ | ᠲᠤᠬᠠᠶᠢᠯᠠᠭᠰᠠᠨ ᠠᠵᠢᠯ ᠤᠨ ᠵᠢᠯᠤᠭᠤᠳᠤᠯᠭ᠎ᠠ ᠬᠠᠩᠭᠠᠵᠤ᠂ ᠲᠡᠳᠡᠨ ᠤ ᠦᠭᠡ ᠬᠡᠯᠡ ᠦᠰᠦᠭ ᠪᠢᠴᠢᠭ ᠤᠨ ᠠᠵᠢᠯ ᠤᠨ | ᠡᠯ᠎ᠡ ᠵᠦᠢᠯ ᠤᠨ ᠡᠭᠦᠷᠭᠡ ᠶᠢ ᠨᠡᠩ ᠰᠠᠶᠢᠲᠤᠷ ᠪᠡᠶᠡᠯᠡᠭᠦᠯᠬᠦ ᠳᠤ ᠬᠦᠴᠦᠨ ᠨᠡᠮᠡᠷᠢᠯᠡᠪᠡ᠃ | ︽ᠴᠢᠷᠮᠠᠶᠢᠯᠭ᠎ᠠ ᠶᠢᠨ ᠬᠠᠷᠢᠭᠤ ᠳᠤ ᠠᠮᠳᠠᠲᠦ ᠵᠢᠮᠢᠰ ᠳᠡᠭᠦᠵᠢᠩᠨᠡᠨᠠ︾ ᠭᠡᠳᠡᠭᠴᠢᠯᠡᠨ᠂ 2013 ᠣᠨ ᠳᠤ | ᠤᠯᠠᠭᠠᠨᠬᠤᠲᠠ ᠤᠯᠤᠰ ᠤᠨ ᠬᠤᠶᠠᠳᠤᠭᠠᠷ ᠲᠥᠷᠥᠯ ᠤᠨ ᠬᠤᠲᠠ ᠶᠢᠨ ᠦᠭᠡ ᠬᠡᠯᠡ ᠥᠰᠥᠭ ᠪᠢᠴᠢᠭ ᠤᠨ ᠠᠵᠢᠯ ᠤᠨ | ᠪᠠᠷᠢᠮᠵᠢᠶ᠎ᠠ ᠳᠤ ᠬᠥᠷᠬᠦ ᠦᠨᠡᠯᠡᠨ ᠵᠢᠱᠢᠵᠦ ᠰᠢᠯᠭᠠᠨ ᠠᠪᠬᠤ ᠶᠢ ᠠᠮᠵᠢᠯᠲᠠᠲᠠᠶ ᠥᠩᠭᠡᠷᠡᠭᠦᠯᠪᠡ᠂ ᠡᠨᠡ ᠬᠦ ᠠᠮᠵᠢᠯᠲᠠ | ᠪᠦᠲᠦᠮᠵᠢ ᠨᠢ ᠤᠯᠠᠭᠠᠨᠬᠤᠲᠠ ᠳᠤ ᠢᠷᠠᠭᠤ ᠠᠯᠳᠠᠷ ᠣᠯᠭᠤᠭᠰᠠᠨ ᠢᠶᠠᠷ ᠪᠠᠷᠠᠬᠤ ᠥᠬᠡᠶ᠂ ᠨᠠᠩ ᠴᠤ ᠲᠠᠷᠠᠭᠠᠴᠢ ᠶᠢᠨ | ᠡᠯ᠎ᠠ ᠬᠤᠰᠢᠭᠤ ᠰᠢᠶᠠᠨ ᠬᠤᠲᠠ ᠶᠢᠨ ᠭᠤᠷᠪᠠᠳᠤᠭᠠᠷ ᠲᠥᠷᠥᠯ ᠤᠨ ᠬᠤᠲᠠ ᠶᠢᠨ ᠦᠨᠡᠯᠡᠨ ᠵᠢᠱᠢᠵᠦ ᠰᠢᠯᠭᠠᠨ | ᠠᠪᠬᠤ ᠶᠢ ᠤᠷᠤᠭᠰᠢᠲᠠᠶ ᠥᠩᠭᠡᠷᠡᠭᠦᠯᠬᠦ ᠳᠤ ᠡᠷᠬᠢᠮ ᠨᠠᠨᠳᠢᠨ ᠲᠤᠷᠰᠢᠯᠭ᠎ᠠ ᠪᠠ ᠯᠠᠪᠯᠠᠯᠲᠠ ᠬᠠᠩᠭᠠᠭᠰᠠᠨ ᠪᠠᠶᠢᠨ᠎ᠠ᠃ | ᠰᠤᠷᠭᠠᠨ ᠬᠦᠮᠦᠵᠢᠯ ᠤᠨ ᠤᠶᠢᠯᠡᠰ ᠢᠶᠠᠷ ᠬᠢᠯᠢ ᠬᠢᠵᠠᠭᠠᠷ ᠤᠷᠤᠨ ᠤ ᠦᠨᠳᠦᠰᠦᠲᠡᠨ ᠤ ᠪᠦᠯᠬᠦᠮᠳᠡᠯ ᠢ | ᠠᠬᠢᠭᠤᠯᠤᠬᠰᠠᠨ ᠨᠢ | 2019 ᠣᠨ ᠤ 3 ᠰᠠᠷ᠎ᠠ ᠳᠤ᠂ ᠴᠧᠨ ᠹᠧᠩ ᠵᠢᠶᠦ᠋ᠨ ᠬᠢᠩᠭᠠᠨ ᠠᠶᠢᠮᠠᠭ ᠤᠨ ᠦᠭᠡ ᠬᠡᠯᠡ ᠦᠰᠦᠭ | ᠪᠢᠴᠢᠭ ᠤᠨ ᠠᠵᠢᠯ ᠤᠨ ᠵᠥᠪᠯᠡᠯ ᠤᠨ ᠠᠯᠪᠠᠨ ᠭᠡᠷ ᠤᠨ ᠳᠡᠳ᠋ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠪᠡ᠃ | ᠡᠭᠦᠨ ᠠᠴᠠ ᠡᠬᠢᠯᠡᠨ᠂ ᠲᠡᠷᠡᠪᠠᠷ ᠬᠢᠯᠢ ᠬᠢᠵᠠᠭᠠᠷ ᠦᠨᠳᠦᠰᠦᠲᠡᠨ ᠤ ᠭᠠᠵᠠᠷ ᠣᠷᠣᠨ ᠳᠤ ᠤᠯᠤᠰ ᠤᠨ ᠨᠡᠶᠢᠳᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠬᠡᠷᠬᠢᠨ ᠨᠡᠩ ᠪᠦᠲᠦᠮᠵᠢᠲᠡᠶ ᠪᠠᠷ ᠳᠡᠯᠭᠡᠷᠡᠭᠦᠯᠬᠦ ᠶᠢ ᠢᠮᠠᠭᠲᠠ | ᠪᠣᠳᠣᠯᠬᠢᠯᠠᠭᠰᠠᠭᠠᠷ ᠢᠷᠡᠵᠡᠢ᠃ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠰᠤᠷᠭᠠᠨ ᠬᠥᠮᠦᠵᠢᠯ ᠢ ᠪᠦᠬᠦ ᠲᠠᠯ᠎ᠠ ᠪᠠᠷ | ᠭᠦᠨᠵᠡᠭᠡᠶᠢᠷᠡᠭᠦᠯᠬᠦ ᠪᠣᠯ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ | ᠴᠤᠬᠴᠠᠯᠠᠬᠤ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠮᠥᠨ ᠭᠡᠬᠦ ᠶᠤᠰᠤ ᠶᠢ ᠡᠷᠲᠡ ᠮᠡᠳᠡᠭᠰᠡᠨ ᠲᠡᠷᠡᠪᠡᠷ ᠦᠪᠡᠷ ᠤᠨ | ᠪᠡᠶ᠎ᠡ ᠪᠠᠷ ᠢᠶᠠᠨ ᠳᠠᠭᠤᠷᠢᠶᠡᠯ ᠪᠤᠯᠵᠦ᠂ ︽ᠬᠢᠩᠭᠠᠨ ᠠᠶᠢᠮᠠᠭ ᠤᠨ ᠦᠭᠡ ᠬᠡᠯᠡ ᠥᠰᠥᠭ ᠪᠢᠴᠢᠭ ᠤᠨ ᠠᠵᠢᠯ ᠤᠨ | ᠲᠥᠯᠥᠪᠵᠢᠭᠦᠯᠭᠡ︾ ᠶᠢ ᠨᠠᠷᠢᠨ ᠨᠢᠮᠪᠠᠶ ᠲᠣᠭᠲᠠᠭᠠᠵᠤ᠂ ᠦᠭᠡ ᠬᠡᠯᠡ ᠥᠰᠥᠭ ᠪᠢᠴᠢᠭ ᠤᠨ ᠠᠵᠢᠯ ᠢ ᠬᠤᠰᠢᠭᠤ | ᠰᠢᠶᠠᠨ ᠬᠤᠲᠠ ᠶᠢᠨ ᠵᠠᠰᠠᠭ ᠤᠨ ᠣᠷᠳᠣᠨ ᠤ ᠰᠤᠷᠭᠠᠨ ᠬᠥᠮᠦᠵᠢᠯ ᠤᠨ ᠡᠭᠦᠷᠭᠡ ᠬᠠᠷᠢᠭᠤᠴᠠᠯᠭ᠎ᠠ ᠪᠠᠨ ᠬᠢᠨᠠᠨ | ᠰᠢᠯᠭᠠᠬᠤ ᠭᠦᠢᠴᠡᠳᠭᠡᠯ ᠲᠤᠭ᠎ᠠ ᠳᠤ ᠣᠷᠣᠭᠤᠯᠵᠤ᠂ ᠡᠭᠦᠨ ᠤ ᠤᠯᠠᠮ ᠢᠶᠠᠷ ᠠᠵᠢᠯ ᠤᠨ ᠪᠦᠲᠦᠮᠵᠢᠲᠡᠶ | ᠬᠡᠷᠡᠭᠵᠢᠭᠦᠯᠦᠭᠳᠡᠬᠦ ᠶᠢ ᠦᠨᠡᠨ ᠬᠦ ᠪᠠᠲᠤᠯᠠᠭᠰᠠᠨ ᠪᠠᠶᠢᠨ᠎ᠠ᠃ | ᠴᠧᠨ ᠹᠸᠡᠭ ᠵᠢᠶᠦ᠋ᠨ ᠬᠤᠶᠢᠰᠢᠲᠠ ᠶᠢᠨ ᠠᠵᠢᠯ ᠠᠮᠢᠳᠦᠷᠠᠯ ᠢᠶᠠᠨ ᠶᠠᠷᠢᠬᠤ ᠳᠠᠭᠠᠨ᠄ ︽ᠪᠢ ᠰᠤᠷᠭᠠᠨ | ᠬᠦᠮᠦᠵᠢᠯ ᠤᠨ ᠠᠵᠢᠯ ᠤᠨ ᠪᠠᠶᠢᠷᠢᠨ ᠳᠤ ᠭᠠᠷᠤᠭᠠᠳ 34 ᠵᠢᠯ ᠤᠨ ᠨᠢᠭᠤᠷ ᠢ ᠦᠵᠡᠴᠢᠭᠡᠯᠠ᠃ ᠪᠢ ᠶᠠᠮᠠᠷ ᠠᠵᠢᠯ ᠢ | ᠬᠢᠵᠦ᠂ ᠶᠠᠮᠠᠷ ᠲᠤᠰᠢᠶᠠᠯ ᠢ ᠬᠠᠷᠢᠭᠤᠴᠠᠬᠰᠠᠨ ᠴᠦ ᠰᠤᠷᠭᠠᠨ ᠬᠦᠮᠦᠵᠢᠯ ᠤᠨ ᠤᠶᠢᠯᠡᠰ ᠤᠨ ᠠᠷᠢᠭᠤᠨ ᠳᠠᠷᠬᠠᠨ | ᠬᠠᠷᠢᠭᠤᠴᠠᠯᠭ᠎ᠠ ᠶᠢ ᠨᠢᠭᠡ ᠯᠡ ᠰᠡᠳᠭᠢᠯ ᠢᠶᠠᠷ ᠬᠦᠢᠴᠡᠳᠭᠡᠭᠰᠡᠭᠡᠷ ᠢᠷᠡᠵᠠᠢ᠃ ᠡᠭᠦᠨ ᠠᠴᠠ ᠬᠤᠶᠢᠰᠢᠳᠡ ᠮᠦᠨᠴᠦ | ᠤᠬ ᠰᠠᠨᠠᠭ᠎ᠠ ᠪᠠᠨ ᠪᠠᠷᠢᠮᠳᠠᠯᠠᠨ᠂ ᠰᠤᠷᠭᠠᠨ ᠬᠦᠮᠦᠵᠢᠯ ᠤᠨ ᠤᠢᠢᠯᠡᠰ ᠲᠤ ᠬᠠᠶᠢᠬᠤᠷᠤᠯ ᠦᠭᠡᠢ ᠵᠢᠳᠭᠦᠵᠦ᠂ ᠠᠷᠡᠳ | ᠲᠦᠮᠡᠨ ᠳᠤ ᠰᠡᠳᠬᠢᠯ ᠬᠠᠨᠤᠮᠵᠢᠲᠠᠢ ᠰᠤᠷᠭᠠᠨ ᠬᠦᠮᠦᠵᠢᠯ ᠬᠦᠷᠲᠡᠭᠡᠨ᠎ᠠ︾ ᠭᠡᠵᠦ ᠶᠠᠷᠢᠵᠦ ᠪᠠᠶᠢᠯ᠎ᠠ᠃ |