ᠪᠡᠭᠡᠵᠢᠩ ᠦᠪᠤᠷ ᠮᠤᠩᠭᠤᠯ ᠤᠨ ᠬᠠᠮᠵᠢᠯᠴᠠᠭ᠎ᠠ ᠶᠢ ᠬᠦᠨᠵᠡᠬᠡᠶᠢᠷᠡᠬᠦᠯᠥᠭᠰᠡᠨ ᠰᠤᠳᠤᠯᠥᠨ ᠰᠤᠷᠤᠯᠴᠠᠬᠤ ᠠᠵᠢᠯᠯᠠᠭ᠎ᠠ
ᠨᠡᠶᠢᠲᠡᠯᠡᠭᠰᠡᠨ ᠴᠠᠭ᠄
2024/6/20
    ᠤᠶᠢᠷ᠎ᠠ ᠶᠢᠨ ᠡᠳᠦᠷ᠂ ᠪᠡᠭᠡᠵᠢᠩ ᠬᠤᠳᠠ ᠶᠢᠨ ᠹᠧᠩ ᠲᠠᠢ ᠳᠤᠭᠤᠷᠢᠭ ᠤᠨ 32 ᠨᠡᠷᠡᠰ ᠰᠤᠷᠤᠭᠴᠢ ᠪᠠᠷ ᠪᠦᠷᠢᠯᠳᠥᠭᠰᠡᠨ ᠰᠤᠳᠤᠯᠥᠨ ᠰᠤᠷᠤᠯᠴᠠᠬᠤ ᠪᠦᠯᠬᠦᠮ ᠤᠨ ᠬᠢᠨ ᠵᠠᠯᠠᠶᠢᠳ ᠬᠤᠰᠢᠭᠤᠨ ᠳᠤ 5 ᠡᠳᠥᠷ ᠤᠨ ᠬᠤᠭᠤᠴᠠᠭ᠎ᠠ ᠲᠠᠢ ᠰᠤᠳᠤᠯᠥᠨ ᠰᠤᠷᠤᠯᠴᠠᠬᠤ ᠠᠵᠢᠯᠯᠠᠭ᠎ᠠ ᠦᠷᠨᠢᠬᠦᠯᠥᠨ᠂ ᠥᠢᠯᠡᠳᠥᠯᠭᠡ ᠶᠢᠨ ᠳᠤᠮᠳᠠ ᠪᠡᠭᠡᠵᠢᠩ ᠦᠪᠤᠷ ᠮᠤᠩᠭᠤᠯ ᠤᠨ ᠬᠠᠮᠵᠢᠯᠴᠠᠭ᠎ᠠ ᠶᠢ ᠬᠦᠨᠵᠡᠬᠡᠶᠢᠷᠡᠬᠦᠯᠥᠨ᠂ ᠳᠤᠮᠳᠠᠳᠥ ᠶᠢᠨ ᠦᠨᠳᠥᠰᠥᠳᠡᠨ ᠨᠢᠭᠡ ᠭᠡᠷ ᠪᠦᠯᠢ ᠮᠡᠳᠥ ᠳᠤᠳᠤᠨᠤ ᠰᠠᠶᠢᠬᠠᠨ ᠵᠢᠷᠤᠭ ᠢ ᠳᠡᠯᠭᠡᠭᠰᠡᠨ ᠪᠠᠶᠢᠨ᠎ᠠ᠃     ᠰᠤᠳᠤᠯᠥᠨ ᠰᠤᠷᠤᠯᠴᠠᠬᠤ ᠠᠵᠢᠯᠯᠠᠭ᠎ᠠ ᠶᠢ ᠰᠠᠶᠢᠳᠥᠷ ᠬᠢᠬᠦ ᠶᠢᠨ ᠲᠦᠯᠥᠭᠡ᠂ ᠵᠠᠯᠠᠶᠢᠳ ᠬᠤᠰᠢᠭᠤᠨ ᠤ ᠬᠢᠨ ᠤᠷᠢᠳᠴᠢᠯᠠᠭᠰᠠᠨ ᠪᠡᠯᠡᠳᠬᠡᠯ ᠢᠶᠠᠨ ᠰᠠᠶᠢᠳᠤᠷ ᠬᠢᠵᠦ᠂ ᠰᠤᠷᠤᠭᠴᠢᠳ ᠢ ᠵᠤᠬᠢᠶᠠᠨ ᠪᠠᠶᠢᠭᠤᠯᠥᠨ ᠵᠠᠯᠠᠶᠢᠳ ᠬᠤᠰᠢᠭᠤᠨ ᠳᠤ ᠪᠠᠶᠢᠷᠢᠯᠠᠭ᠎ᠠ ︽ᠬᠢᠨᠭ᠍ᠭᠠᠨ ᠠᠶᠢᠮᠠᠭ ᠤᠨ ᠳᠤᠳᠤᠷᠭ᠎ᠠ︾ ᠶᠢᠨ ᠭᠤᠤᠯ ᠭᠠᠷᠤᠯᠳᠠ ᠶᠢᠨ ᠤᠷᠤᠨ᠂ ᠵᠠᠯᠠᠶᠢᠳ ᠬᠤᠰᠢᠭᠤᠨ ᠤ ᠤᠶᠤᠨᠴᠢ ᠳᠠᠷᠢᠶᠠᠯᠠᠩ ᠤᠨ ᠳᠤᠷᠰᠢᠯᠳᠠ ᠶᠢᠨ ᠤᠷᠤᠨ ᠢᠶᠠᠷ ᠳᠤᠭᠤᠷᠢᠨ ᠦᠵᠡᠬᠦᠯᠵᠤ᠂ ᠵᠠᠯᠠᠶᠢᠳ ᠬᠤᠰᠢᠭᠤᠨ ᠤ ᠤᠯᠠᠮᠵᠢᠯᠠᠯᠳᠥ ᠳᠠᠷᠢᠶᠠᠯᠠᠩ ᠠᠴᠠ ᠤᠶᠤᠨᠴᠢ ᠳᠠᠷᠢᠶᠠᠯᠠᠩ ᠬᠦᠷᠳᠡᠯᠡᠬᠢ ᠬᠦᠭᠵᠢᠯᠳᠡ ᠶᠢᠨ ᠤᠯᠠ ᠮᠦᠷ ᠢ ᠲᠠᠨᠢᠭᠤᠯᠤᠭᠰᠠᠨ ᠪᠠᠶᠢᠨ᠎ᠠ᠃ ︽ᠤᠤᠯ ᠳᠠᠭᠠᠨ ᠪᠢᠳᠡ ᠵᠦᠪᠭᠡᠨ ᠨᠤᠮ ᠳᠡᠪᠳᠡᠷ ᠪᠤᠶᠤ ᠰᠦᠯᠵᠢᠶᠡᠨ ᠳᠡᠭᠡᠷ᠎ᠡ ᠠᠴᠠ ᠤᠰᠥᠨ ᠳᠤᠳᠤᠷᠭ᠎ᠠ ᠳᠠᠷᠢᠬᠤ ᠳᠤᠬᠠᠢ ᠮᠡᠳᠡᠯᠭᠡ ᠶᠢ ᠡᠵᠡᠮᠰᠢᠵᠤ ᠪᠠᠶᠢᠭᠰᠠᠨ᠂ ᠦᠨᠥᠳᠥᠷ ᠪᠢᠳᠡ ᠵᠠᠯᠠᠶᠢᠳ ᠬᠤᠰᠢᠭᠤᠨ ᠤ ᠤᠰᠥᠨ ᠳᠤᠳᠤᠷᠭ᠎ᠠ ᠳᠠᠷᠢᠬᠤ ᠰᠠᠭᠤᠷᠢᠨ ᠳᠤ ᠬᠦᠷᠴᠤ ᠳᠤᠭᠤᠷᠢᠨ ᠦᠵᠡᠭᠡᠳ ᠤᠯᠤᠯᠳᠠ ᠲᠦᠷᠥᠭᠳᠡᠯ ᠶᠡᠭᠡ᠃ ᠡ᠊ᠨᠳᠡᠬᠢ ᠳᠠᠷᠢᠶᠠᠯᠠᠬᠤ ᠰᠤᠶᠤᠯ ᠤᠨ ᠲᠤᠬᠠᠢ ᠤᠯᠠᠮ ᠬᠦᠨᠵᠡᠬᠡᠢ ᠤᠶᠢᠯᠠᠭᠠᠯᠳᠠ ᠲᠠᠢ ᠪᠤᠯᠤᠭᠰᠠᠨ ︾ ᠭᠡᠵᠤ ᠪᠡᠭᠡᠵᠢᠩ ᠤᠨ ᠳᠠᠪᠤᠳᠤᠭᠠᠷ ᠳᠤᠷᠰᠢᠯᠳᠠ ᠶᠢᠨ ᠰᠤᠷᠭᠠᠭᠤᠯᠢ ᠶᠢᠨ ᠰᠤᠷᠤᠭᠴᠢ ᠵᠸᠥ ᠳ᠋ᠤᠸᠠᠨ ᠬᠠᠩ ᠬᠡᠯᠡᠪᠡ᠃      ᠰᠤᠳᠤᠯᠥᠨ ᠰᠤᠷᠤᠯᠴᠠᠬᠤ ᠬᠤᠭᠤᠴᠠᠭᠠᠨ ᠳᠤ᠂ ᠪᠡᠭᠡᠵᠢᠩ ᠬᠤᠳᠠ ᠠᠴᠠ ᠢᠷᠡᠭᠰᠡᠨ ᠰᠤᠷᠤᠭᠴᠢᠳ ᠪᠠᠰᠠ ︽ᠳᠤᠳᠤᠷᠭᠠᠨ ᠳᠠᠷᠢᠶ᠎ᠠ ᠶᠢ ᠠᠷᠠᠴᠢᠯᠠᠬᠤ︾ ᠠᠵᠢᠯᠯᠠᠭ᠎ᠠ ᠳᠤ ᠢᠳᠡᠪᠬᠢᠳᠡᠢ ᠤᠷᠤᠯᠴᠠᠵᠤ᠂ ᠰᠢᠨᠵᠢᠯᠡᠬᠦ ᠤᠬᠠᠭᠠᠨᠴᠢ ᠪᠠᠷ ᠤᠰᠥᠨ ᠳᠤᠳᠤᠷᠭ᠎ᠠ ᠳᠠᠷᠢᠬᠤ ᠮᠡᠳᠤ ᠶᠢᠨ ᠶᠠᠪᠤᠴᠠ ᠶᠢ ᠪᠡᠶᠡᠴᠢᠯᠡᠨ ᠤᠶᠢᠯᠠᠭᠠᠭᠰᠠᠨ ᠪᠠᠶᠢᠨ᠎ᠠ᠃ ᠪᠢᠴᠢᠬᠠᠨ ᠨᠠᠶᠢᠵᠠ ᠨᠠᠷ ᠪᠠᠰᠠ ᠵᠠᠯᠠᠶᠢᠳ ᠬᠤᠰᠢᠭᠤᠨ ᠤ ᠪᠠᠶᠢᠭᠠᠯᠢ ᠶᠢᠨ ᠦᠵᠡᠮᠵᠢ ᠶᠢᠨ ᠤᠷᠤᠨ ᠪᠠ ᠨᠡᠯᠥᠭᠡᠷ ᠠᠭᠤᠳᠠᠮ ᠳᠠᠯ᠎ᠠ ᠨᠤᠳᠤᠭ ᠢᠶᠠᠷ ᠰᠡᠯᠡᠬᠦᠴᠡᠨ ᠳᠤᠭᠤᠷᠢᠵᠤ᠂ ᠴᠡᠴᠡᠭ ᠮᠢᠷᠠᠯᠵᠠᠭᠰᠠᠨ ᠭᠤᠶᠤ ᠦᠵᠡᠮᠵᠢ ᠳᠤ ᠨᠢ ᠰᠡᠳᠬᠢᠯ ᠳᠠᠳᠠᠭᠳᠠᠨ᠂ ᠰᠡᠬᠦᠳᠡᠷ ᠳᠠᠳᠠᠵᠤ ᠳᠤᠷᠠᠰᠬᠠᠯ ᠦᠯᠡᠳᠡᠭᠡᠵᠤ ᠪᠠᠶᠢᠪᠠ᠃ ᠰᠤᠳᠤᠯᠥᠨ ᠰᠤᠷᠤᠯᠴᠠᠬᠤ ᠪᠦᠯᠬᠦᠮ ᠤᠨ ᠬᠢᠨ ᠪᠠᠰᠠ ᠵᠠᠯᠠᠶᠢᠳ ᠬᠤᠰᠢᠭᠤᠨ ᠤ ᠬᠡᠥᠭᠡᠳ ᠪᠠᠭᠠᠴᠤᠳ ᠲᠠᠢ ᠬᠠᠮᠳᠥ ᠮᠤᠷᠢᠨ ᠬᠤᠭᠤᠷ ᠤᠨ ᠬᠦᠭᠵᠢᠮ ᠰᠤᠨᠢᠷᠬᠠᠨ᠂ ᠲᠦᠳᠡᠭ ᠭᠠᠯ ᠤᠨ ᠦᠳᠡᠰᠢᠯᠡᠭᠡ ᠳᠤ ᠤᠷᠤᠯᠴᠠᠨ᠂ ᠭᠠᠷ ᠭᠠᠷ ᠢᠶᠠᠨ ᠬᠤᠯᠪᠤᠯᠴᠠᠨ ᠳᠠᠭᠤᠯᠠᠨ ᠪᠦᠵᠢᠭᠯᠡᠵᠤ᠂ ᠳᠤᠮᠳᠠᠳᠥ ᠶᠢᠨ ᠦᠨᠳᠥᠰᠥᠳᠡᠨ ᠤ ᠬᠠᠮᠳᠥ ᠶᠢᠨ ᠴᠤᠭᠴᠠ ᠶᠢᠨ ᠤᠬᠠᠮᠰᠠᠷ ᠤᠨ ᠬᠦᠮᠦᠵᠢᠯ ᠬᠦᠷᠳᠡᠭᠰᠡᠨ ᠪᠠᠶᠢᠨ᠎ᠠ᠃      ︽ᠲᠤᠰ ᠤᠳᠠᠭᠠᠨ ᠤ ᠰᠤᠳᠤᠯᠥᠨ ᠰᠤᠷᠤᠯᠴᠠᠬᠤ ᠠᠵᠢᠯᠯᠠᠭ᠎ᠠ ᠨᠢ ᠬᠡᠥᠭᠡᠳ ᠲᠤ ᠠᠪᠴᠥ ᠬᠡᠯᠡᠪᠡᠯ᠂ ᠨᠢᠭᠡᠨ ᠤᠳᠠᠭᠠᠨ ᠤ ᠤᠨᠴᠠᠭᠠᠢ ᠤᠳᠬ᠎ᠠ ᠠᠭᠤᠯᠭ᠎ᠠ ᠲᠠᠢ ᠬᠦᠳᠡᠯᠮᠥᠷᠢ ᠶᠢᠨ ᠬᠦᠮᠥᠵᠢᠯ ᠪᠤᠯᠬᠤ ᠪᠠᠷ ᠪᠠᠷᠠᠬᠤ ᠦᠬᠡᠢ᠂ ᠪᠡᠶᠡᠴᠢᠯᠡᠨ ᠤᠶᠢᠯᠠᠭᠠᠬᠤ ᠮᠠᠶ᠋ᠢᠭ ᠤᠨ ᠬᠠᠶᠢᠷ᠎ᠠ ᠶᠢᠨ ᠬᠦᠮᠥᠵᠢᠯ ᠪᠤᠯᠤᠨ᠎ᠠ᠃ ᠲᠤᠰ ᠠᠵᠢᠯᠯᠠᠭ᠎ᠠ ᠪᠠᠷ ᠳᠠᠮᠵᠢᠨ ᠰᠤᠷᠤᠭᠴᠢᠳ ᠲᠤ ᠳᠤᠮᠳᠠᠳᠥ ᠶᠢᠨ ᠦᠨᠳᠥᠰᠥᠳᠡᠨ ᠨᠢᠭᠡ ᠭᠡᠷ ᠤᠨ ᠬᠦᠮᠦᠰ ᠮᠡᠳᠤ ᠳᠤᠳᠤᠨᠤ ᠪᠠᠶᠢᠳᠠᠭ ᠢ ᠮᠡᠳᠡᠬᠦᠯᠥᠭᠰᠡᠨ ᠪᠦᠭᠡᠳ ᠡᠯ᠎ᠡ ᠦᠨᠳᠥᠰᠥᠳᠡᠨ ᠤ ᠬᠤᠭᠤᠷᠥᠨᠳᠥᠬᠢ ᠶᠠᠪᠤᠯᠴᠠᠭ᠎ᠠ᠂ ᠰᠤᠯᠢᠯᠴᠠᠭ᠎ᠠ᠂ ᠠᠭᠤᠰᠤᠯᠴᠠᠭ᠎ᠠ ᠶᠢ ᠬᠦᠨᠵᠡᠬᠡᠶᠢᠷᠡᠬᠦᠯᠥᠭᠰᠡᠨ ᠪᠤᠳᠠᠳᠥ ᠬᠢᠳᠡᠯ ᠪᠤᠯᠤᠨ᠎ᠠ︾ ᠭᠡᠵᠤ ᠪᠡᠭᠡᠵᠢᠩ ᠤᠨ ᠳᠠᠪᠤᠳᠤᠭᠠᠷ ᠳᠤᠷᠰᠢᠯᠳᠠ ᠶᠢᠨ ᠰᠤᠷᠭᠠᠭᠤᠯᠢ ᠶᠢᠨ ᠪᠠᠭᠰᠢ ᠮᠢᠶᠥᠥ ᠵᠤᠸᠠᠩ ᠶᠠᠷᠢᠪᠠ᠃  ︵ᠤᠷᠠᠨᠳᠤᠳᠢ︶
 
ᠢᠷᠡᠯᠲᠡ᠄ ᠬᠦᠯᠦᠭ ᠰᠢᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号