ᠵᠢᠭᠤᠯᠴᠢᠯᠠᠬᠰᠡᠳ 1.1 ᠳ᠋ᠦᠩᠰᠢᠭᠤᠷ ᠬᠥᠮᠥᠨ ᠤᠳᠠᠭ᠎ᠠ ᠳᠤ ᠬᠦᠷᠪᠡ
ᠨᠡᠶᠢᠲᠡᠯᠡᠭᠰᠡᠨ ᠴᠠᠭ᠄
2024/6/13
      ᠡᠨᠡ ᠵᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠠᠮᠠᠷᠠᠯᠲᠠ ᠳᠤ᠂ ᠪᠥᠬᠦ ᠤᠯᠤᠰ ᠤᠨ ᠰᠣᠶᠣᠯ ᠪᠠ ᠵᠢᠭᠤᠯᠴᠢᠯᠠᠯ ᠤᠨ ᠵᠠᠬ᠎ᠠ ᠳᠡᠯᠭᠡᠭᠦᠷ ᠶᠡᠷᠦᠩᠬᠡᠢ ᠳᠡᠭᠡᠨ ᠲᠣᠭᠲᠠᠭᠤᠨ ᠪᠥᠭᠡᠳ ᠡᠮᠬᠢ ᠵᠢᠷᠤᠮ ᠲᠠᠢ ᠪᠠᠶᠢᠪᠡ᠃ ᠰᠣᠶᠣᠯ ᠪᠠ ᠵᠢᠭᠤᠯᠴᠢᠯᠠᠯ ᠤᠨ ᠶᠠᠮᠤᠨ ᠤ ᠲᠤᠭ᠎ᠠ ᠪᠠᠷᠢᠮᠲᠠ ᠶᠢᠨ ᠲᠥᠪ ᠤᠨ ᠲᠥᠰᠥᠭᠡᠯᠡᠨ ᠪᠤᠳᠤᠭᠰᠠᠨ ᠢᠶᠠᠷ᠂ ᠤᠯᠤᠰ ᠤᠨ ᠳᠣᠲᠣᠭᠠᠳᠤ ᠳᠠᠭᠠᠨ ᠵᠢᠭᠤᠯᠴᠢᠯᠠᠬᠰᠡᠳ ᠨᠡᠶᠢᠲᠡ 1.1 ᠳ᠋ᠦᠩᠰᠢᠭᠤᠷ ᠬᠥᠮᠥᠨ ᠤᠳᠠᠭ᠎ᠠ ᠳᠤ ᠬᠦᠷᠴᠦ᠂ ᠲᠡᠭᠡᠷ᠎ᠠ ᠵᠢᠯ ᠤᠨ ᠠᠳᠠᠯᠢ ᠬᠤᠭᠤᠴᠠᠭᠠᠨ ᠤ ᠬᠢ ᠠᠴᠠ 6.3% ᠪᠠᠷ ᠨᠡᠮᠡᠭᠳᠡᠪᠡ︔ ᠵᠢᠭᠤᠯᠴᠢᠯᠠᠬᠰᠡᠳ ᠤᠨ ᠵᠢᠭᠤᠯᠴᠢᠯᠠᠬᠤ ᠳᠤ ᠵᠠᠷᠤᠭᠰᠡᠨ ᠵᠠᠷᠤᠳᠠᠯ ᠨᠡᠶᠢᠲᠡ 403.5 ᠳ᠋ᠦᠩᠰᠢᠭᠤᠷ ᠲᠥᠭᠦᠷᠢᠭ ᠲᠤ ᠬᠦᠷᠴᠦ᠂ ᠲᠡᠭᠡᠷ᠎ᠠ ᠵᠢᠯ ᠤᠨ ᠠᠳᠠᠯᠢ ᠬᠤᠭᠤᠴᠠᠭᠠᠨ ᠤ ᠬᠢ ᠠᠴᠠ 8.1% ᠨᠡᠮᠡᠭᠳᠡᠵᠡᠢ᠃       ᠶᠡᠭᠡ ᠬᠡᠮᠵᠢᠶᠡᠨ ᠤ ᠵᠢᠭᠤᠯᠴᠢᠯᠠᠬᠰᠠᠳ ᠲᠤᠰ ᠭᠠᠵᠠᠷ ᠲᠠᠭᠠᠨ ᠲᠤᠭᠤᠷᠢᠵᠦ ᠰᠡᠯᠡᠭᠦᠴᠡᠬᠦ ᠪᠤᠶᠤ ᠣᠶᠢᠷ᠎ᠠ ᠲᠤᠭᠤᠷᠢᠨ ᠳᠠᠭᠠᠨ ᠵᠢᠭᠤᠯᠴᠢᠯᠠᠵᠤ᠂ ᠬᠤᠳᠠ ᠶᠢᠨ ᠲᠡᠭᠦᠷᠭᠡ ᠳᠤ ᠵᠢᠮᠢᠰ ᠲᠡᠭᠦᠬᠦ᠂ ᠲᠠᠷᠢᠶᠠᠯᠠᠩ ᠤᠨ ᠦᠢᠯᠡᠳᠪᠤᠷᠢᠯᠡᠯ ᠳᠤ ᠤᠷᠤᠯᠴᠠᠬᠤ᠂ ᠬᠡᠭᠡᠷ᠎ᠡ ᠪᠠᠭᠤᠳᠠᠯᠯᠠᠬᠤ ᠵᠡᠷᠭᠡ ᠪᠠᠷ ᠭᠤᠤᠯᠯᠠᠵᠦ᠂ ᠰᠣᠶᠣᠯ ᠤᠨ ᠲᠠᠯᠠᠪᠤᠷ ᠣᠷᠳᠣᠨ᠂ ᠬᠤᠳᠠᠯᠳᠤᠭᠠᠨ ᠤ ᠵᠡᠭᠡᠯᠢ ᠲᠣᠭᠤᠷᠢᠭ ᠨᠢ ᠵᠢᠭᠤᠯᠴᠢᠯᠠᠬᠰᠡᠳ ᠤᠨ ᠭᠤᠣᠯ ᠵᠢᠭᠤᠯᠴᠢᠯᠠᠬᠤ ᠭᠠᠵᠠᠷ ᠪᠣᠯᠤᠭᠰᠠᠨ ᠪᠠᠶᠢᠨ᠎ᠠ᠃ ᠰᠥᠨᠢ ᠶᠢᠨ ᠵᠢᠭᠤᠯᠴᠢᠯᠠᠯ ᠬᠦᠭᠵᠢᠶᠡᠨᠳᠡᠢ ᠭᠠᠵᠠᠷ ᠣᠷᠣᠨ ᠨᠢ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠪᠣᠳᠠᠰ ᠤᠨ ᠪᠤᠰᠤ ᠰᠣᠶᠣᠯ ᠤᠨ ᠥᠪ ᠢ ᠪᠡᠶᠡᠳᠡᠨ ᠤᠶᠢᠯᠠᠭᠠᠬᠤ᠂ ᠠᠷᠠᠳ ᠤᠨ ᠵᠠᠩ ᠦᠢᠯᠡ ᠶᠢᠨ ᠪᠦᠲᠦᠭᠡᠭᠳᠡᠬᠦᠨ ᠬᠤᠲᠠᠯᠲᠤᠬᠤ ᠵᠡᠷᠭᠡ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠭᠤᠣᠯ ᠰᠡᠳᠦᠪᠲᠦ ᠣᠨᠴᠠᠯᠢᠭᠲᠤ ᠠᠵᠢᠯᠯᠠᠭ᠎ᠠ ᠶᠢ ᠡᠷᠭᠢᠯᠡᠵᠦ᠂ ᠰᠥᠨᠢ ᠶᠢᠨ ᠬᠡᠷᠡᠭᠯᠡᠭᠡᠨ ᠤ ᠠᠮᠢᠵᠢᠷᠠᠯ ᠤᠨ ᠬᠦᠴᠦᠨ ᠢ ᠦᠷᠬᠦᠯᠵᠢᠯᠡᠨ ᠬᠦᠭᠵᠢᠬᠡᠵᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号