| ᠬᠠᠤᠯᠢ ᠴᠠᠭᠠᠵᠠ ᠶᠢᠨ ᠭᠠᠵᠠᠷ ᠪᠣᠯ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠬᠠᠮᠤᠭ ᠤᠨ | ᠦᠨᠳᠦᠰᠦᠨ ᠱᠠᠲᠤᠨ ᠤ ᠨᠢᠭᠡᠴᠢ ᠮᠥᠨ᠂ ᠲᠡᠷᠡ ᠨᠢ ᠠᠵᠤ ᠠᠬᠤᠶ ᠶᠢᠨ ᠬᠥᠭᠵᠢᠯᠲᠡ ᠳᠤ ᠦᠢᠯᠡᠴᠢᠯᠡᠬᠦ᠂ ᠬᠠᠤᠯᠢ | ᠶᠣᠰᠣᠨ ᠤ ᠡᠷᠬᠡ ᠠᠰᠢᠭ ᠢ ᠬᠠᠮᠠᠭᠠᠯᠠᠬᠤ᠂ ᠠᠷᠠᠳ ᠲᠦᠮᠡᠨ ᠤ ᠵᠤᠯ ᠵᠢᠷᠭᠠᠯ ᠢ ᠨᠡᠮᠡᠭᠳᠡᠭᠦᠯᠬᠦ᠂ ᠨᠡᠶᠢᠭᠡᠮ ᠤᠨ | ᠲᠣᠭᠲᠠᠭᠤᠨ ᠪᠠᠶᠢᠳᠠᠯ ᠢ ᠬᠠᠮᠠᠭᠠᠯᠠᠬᠤ ᠳᠤᠮᠳᠠ ᠴᠢᠬᠤᠯᠠ ᠦᠢᠯᠡᠳᠦᠯ ᠪᠠᠳᠠᠷᠠᠭᠤᠯᠵᠤ ᠪᠠᠶᠢᠳᠠᠭ᠃ | ︽ᠪᠢᠳᠡ ᠲᠡᠭᠦᠨ ᠳᠤ ᠲᠥᠯᠥᠪᠦᠷᠢ ᠥᠭᠴᠦ ᠪᠣᠯᠤᠨ᠎ᠠ᠂ ᠭᠡᠪᠡᠴᠦ ᠡᠨᠡ ᠵᠠᠷᠤᠳᠠᠯ ᠢ ᠵᠦᠢ ᠶᠣᠰᠣᠨ ᠳᠤ | ᠨᠡᠶᠢᠴᠡᠭᠦᠯᠬᠦ ᠶᠤᠰᠤᠳᠠᠢ︾᠂ ︽ᠳᠡᠷᠡ ᠨᠠᠮ᠎ᠠ ᠶᠢ ᠰᠢᠷᠬᠠᠳᠤᠭᠤᠯᠵᠦ ᠠᠵᠢᠯ ᠢ ᠰᠠᠭᠠᠳᠠᠭᠠᠵᠠᠢ᠂ ᠵᠠᠪᠠᠯ ᠲᠥᠯᠥᠪᠦᠷᠢ | ᠥᠭᠬᠦ ᠬᠡᠷᠡᠭᠲᠡᠶ︕︾ ᠭᠡᠵᠦ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠤᠨ ᠤ ᠨᠢᠭᠡᠨ ᠳᠤᠰᠬᠤᠨ ᠤ ᠵᠦᠪᠯᠡᠯ ᠤᠨ | ᠬᠤᠷᠠᠯ ᠤᠨ ᠭᠡᠷ ᠲᠤ᠂ ᠭᠡᠷᠡᠭ ᠲᠤ ᠬᠤᠯᠪᠤᠬᠳᠠᠬᠰᠠᠨ ᠳᠤᠬᠠᠢ ᠶᠢᠨ ᠬᠦᠮᠦᠰ ᠮᠠᠷᠭᠤᠯᠳᠤᠭᠠᠨ ᠪᠤᠯᠵᠦ᠂ ᠭᠡᠨ | ᠭᠡᠨ ᠳᠡᠭᠡᠨ ᠴᠤ ᠨᠠᠶᠢᠷ ᠳᠠᠯᠪᠢᠬᠤ ᠦᠭᠡᠢ ᠪᠠᠶᠢᠯ᠎ᠠ᠃ | ᠤᠶᠢᠯᠠᠭᠠᠬᠰᠠᠨ ᠢᠶᠠᠷ᠂ ᠬᠠᠨ ᠤᠪᠤᠬᠳᠦ᠂ ᠬᠦᠸᠧ ᠤᠪᠤᠬᠳᠦ᠂ ᠯᠢᠦ ᠤᠪᠤᠬᠳᠦ᠂ ᠵᠸᠡᠭ ᠤᠪᠤᠬᠳᠦ ᠵᠡᠷᠭᠡ | ᠲᠦᠷᠪᠡᠨ ᠬᠦᠮᠦᠨ ᠠᠴᠠ ᠬᠤᠸᠠᠩ ᠤᠪᠤᠬᠳᠦ ᠶᠢ ᠬᠦᠯᠦᠰᠤᠯᠡᠨ ᠮᠤᠳᠦ ᠤᠬᠳᠤᠯᠬᠤ ᠠᠵᠢᠯ ᠬᠢᠯᠭᠡᠵᠠᠢ᠃ ᠠᠵᠢᠯ ᠤᠨ | ᠳᠤᠮᠳᠠ ᠬᠤᠸᠠᠩ ᠤᠪᠤᠬᠳᠦ ᠬᠢᠴᠢᠶᠡᠮᠵᠢ ᠦᠭᠡᠢ ᠠᠴᠠ ᠪᠤᠯᠵᠦ ᠮᠤᠳᠤᠨ ᠮᠠᠲ᠋ᠧᠷᠢᠶᠠᠯ ᠳᠤ ᠳᠠᠷᠤᠬᠳᠠᠵᠦ ᠰᠢᠷᠬᠠᠳᠤᠵᠦ | ᠂ ᠡᠮᠨᠡᠯᠭᠡ ᠶᠢᠨ ᠬᠤᠷᠢᠶᠠᠨ ᠳᠤ ᠡᠮᠨᠡᠬᠦᠯᠦᠭᠰᠡᠨ ᠤ ᠳᠠᠷᠠᠭ᠎ᠠ ᠭᠡᠷ ᠲᠡᠭᠡᠨ ᠬᠠᠷᠢᠵᠦ ᠰᠤᠪᠢᠯᠠᠨ ᠰᠠᠭᠤᠪᠠ᠃ ᠭᠡᠷᠡᠭ ᠤᠨ | ᠳᠠᠷᠠᠭ᠎ᠠ᠂ ᠬᠤᠸᠠᠩ ᠤᠪᠤᠬᠳᠦ ᠶᠢᠨ ᠬᠢᠨ ᠬᠠᠨ ᠤᠪᠤᠬᠳᠦ ᠵᠡᠷᠭᠡ ᠲᠦᠷᠪᠡᠨ ᠬᠦᠮᠦᠨ ᠠᠴᠠ ᠡᠮᠴᠢᠯᠡᠭᠡᠨ ᠤ ᠵᠠᠷᠤᠳᠠᠯ | ᠂ ᠠᠵᠢᠯ ᠰᠠᠭᠠᠳᠠᠬᠰᠠᠨ ᠵᠠᠷᠤᠳᠠᠯ ᠵᠢᠴᠢ ᠰᠢᠮ᠎ᠠ ᠳᠡᠵᠢᠭᠡᠯ ᠤᠨ ᠵᠠᠷᠤᠳᠠᠯ ᠠᠪᠬᠤ ᠬᠡᠪᠡ᠃ ᠬᠡᠳᠡᠯ᠎ᠠ ᠲᠦᠯᠦᠪᠦᠷᠢ ᠶᠢᠨ | ᠮᠦᠡᠭᠬᠦ ᠨᠢ ᠭᠡᠳᠤᠷᠭᠡᠢ ᠦᠨᠳᠦᠷ ᠠᠴᠠ ᠬᠤᠶᠠᠷ ᠳᠠᠯ᠎ᠠ ᠪᠠᠷ ᠢᠶᠠᠨ ᠮᠠᠷᠭᠤᠯᠳᠤᠭᠠᠨ ᠪᠤᠯᠵᠦ᠂ ᠴᠢᠨᠠᠬᠰᠢᠯᠠᠪᠠᠯ ᠵᠦᠷᠢᠴᠡᠯ | ᠵᠢᠭᠤᠷᠠᠯᠳᠤᠭᠠᠨ ᠪᠤᠯᠵᠦ ᠬᠤᠪᠢᠷᠠᠬᠰᠠᠨ ᠪᠠᠶᠢᠯ᠎ᠠ᠃ | ᠵᠦᠷᠢᠴᠡᠯ ᠤᠨ ᠬᠤᠷᠴᠠᠳᠬᠤ ᠶᠢ ᠳᠠᠭᠠᠯᠳᠤᠨ᠂ ᠬᠤᠶᠠᠷ ᠳᠠᠯ᠎ᠠ ᠪᠠᠷ ᠢᠶᠠᠨ ᠪᠠᠯᠭᠠᠰᠤᠨ ᠤ ᠬᠠᠤᠯᠢ ᠴᠠᠭᠠᠵᠠ ᠶᠢᠨ | ᠭᠠᠵᠠᠷ ᠠᠴᠠ ᠬᠠᠪᠰᠤᠷᠤᠮᠵᠢ ᠭᠤᠶᠤᠴᠢᠯᠠᠵᠦ᠂ ᠲᠦᠪ ᠭᠤᠤᠯᠴᠢ ᠪᠠᠷ ᠰᠶᠢᠳᠪᠦᠷᠢᠯᠡᠨ ᠦᠭᠬᠦ ᠶᠢ ᠬᠦᠰᠡᠭᠰᠡᠨ ᠪᠠᠶᠢᠨ᠎ᠠ | ᠃ ᠡᠶᠡᠳᠡᠭᠦᠯᠬᠦ ᠶᠠᠪᠤᠴᠠ ᠳᠤ᠂ ᠬᠠᠤᠯᠢ ᠴᠠᠭᠠᠵᠠ ᠶᠢᠨ ᠭᠠᠵᠠᠷ ᠤᠨ ᠡᠶᠡᠳᠡᠬᠦᠯᠦᠭᠴᠢ ᠠᠴᠠ ᠨᠠᠷᠢᠨ ᠪᠠᠶᠢᠳᠡᠯ ᠢ | ᠤᠶᠢᠯᠠᠭᠠᠨ᠂ ᠬᠤᠶᠠᠷ ᠳᠠᠯ᠎ᠠ ᠶᠢᠨ ᠬᠦᠮᠦᠰ ᠤᠨ ᠰᠡᠳᠬᠢᠯᠭᠡ ᠶᠢ ᠳᠤᠰ ᠳᠤᠰ ᠲᠤᠨᠢ ᠳᠠᠶᠢᠳᠬᠤᠷᠠᠭᠤᠯᠵᠦ᠂ ᠬᠠᠤᠯᠢ | ᠴᠠᠭᠠᠵᠠ᠂ ᠵᠦᠢ ᠶᠤᠰᠤ᠂ ᠬᠠᠶᠢᠷ᠎ᠠ ᠰᠡᠳᠬᠢᠯᠭᠡ ᠵᠡᠷᠭᠡ ᠭᠤᠷᠪᠠᠨ ᠳᠠᠯ᠎ᠠ ᠠᠴᠠ ᠭᠠᠷᠳᠡᠨ ᠡᠶᠡᠳᠡᠬᠦᠯᠭᠡ ᠶᠢᠨ | ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ ᠬᠤᠶᠠᠷ ᠲᠠᠯ᠎ᠠ ᠶᠢᠨ ᠲᠤᠬᠠᠶ ᠶᠢᠨ ᠬᠥᠮᠦᠨ ᠲᠠᠢ ︽ᠨᠢᠭᠤᠷᠲᠠᠨ︾ | ᠶᠠᠷᠢᠯᠴᠠᠵᠦ᠂ ᠬᠥᠮᠦᠨ ᠤ ᠪᠡᠶ᠎ᠡ ᠶᠢᠨ ᠬᠤᠬᠢᠷᠠᠯ ᠤᠨ ᠲᠥᠯᠥᠪᠦᠷᠢ ᠶᠢᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ | ᠬᠠᠤᠯᠢ ᠵᠤᠷᠪᠤᠰ ᠢ ᠲᠣᠳᠣᠷᠬᠠᠶᠢᠯᠠᠨ ᠲᠠᠶᠢᠯᠪᠤᠷᠢᠯᠠᠨ᠂ ᠬᠤᠶᠠᠷ ᠲᠠᠯ᠎ᠠ ᠶᠢ ᠬᠠᠪᠰᠤᠷᠤᠨ ᠲᠥᠯᠥᠪᠦᠷᠢ ᠶᠢᠨ ᠵᠣᠭᠤᠰ ᠤᠨ | ᠲᠤᠭ᠎ᠠ ᠶᠢ ᠵᠥᠪᠳᠡᠯᠴᠡᠨ ᠲᠣᠭᠲᠠᠭᠠᠵᠤ᠂ ᠬᠠᠤᠯᠢ ᠶᠣᠰᠣᠨ ᠳᠤ ᠨᠡᠶᠢᠴᠡᠬᠦ ᠮᠥᠷᠲᠡᠭᠡᠨ ᠵᠦᠶ ᠶᠣᠰᠣ ᠶᠢ ᠥᠯᠥ | ᠵᠦᠷᠢᠴᠡᠬᠦ ᠡᠶᠡᠳᠡᠭᠦᠯᠭᠡ ᠶᠢᠨ ᠦᠷ᠎ᠡ ᠳ᠋ᠦᠩ ᠢ ᠪᠤᠶ ᠪᠣᠯᠭᠠᠭᠰᠠᠨ ᠪᠠᠶᠢᠨ᠎ᠠ᠃ ᠡᠴᠦᠰ ᠲᠡᠭᠡᠨ ᠬᠠᠤᠯᠢ ᠴᠠᠭᠠᠵᠠ ᠶᠢᠨ | ᠭᠠᠵᠠᠷ ᠪᠠ ᠳᠤᠰᠬᠤᠨ ᠤ ᠠᠷᠠᠳ ᠤᠨ ᠵᠥᠪᠯᠡᠯ ᠤᠨ ᠬᠠᠮᠲᠤ ᠶᠢᠨ ᠴᠢᠷᠮᠠᠶᠢᠯᠭ᠎ᠠ ᠪᠠᠷ᠂ ᠬᠤᠶᠠᠷ ᠲᠠᠯ᠎ᠠ ᠶᠢᠨ | ᠲᠤᠬᠠᠶ ᠶᠢᠨ ᠬᠥᠮᠦᠨ ᠡᠶᠡᠳᠡᠭᠦᠯᠭᠡ ᠶᠢᠨ ᠬᠡᠯᠡᠯᠴᠡᠭᠡᠷ ᠲᠣᠭᠲᠠᠵᠤ᠂ ᠭᠠᠷ ᠠᠳᠬᠤᠨ ᠨᠠᠶᠢᠷᠠᠮᠳᠠᠯ ᠢᠶᠠᠷ | ᠰᠶᠢᠳᠪᠦᠷᠢᠯᠡᠭᠳᠡᠪᠡ᠃ | ᠵᠠᠯᠠᠶᠢᠳ ᠬᠤᠰᠢᠭᠤᠨ ᠤ ᠬᠤᠯᠪᠤᠭ᠎ᠠ ᠬᠠᠤᠯᠢ ᠴᠠᠭᠠᠵᠠ ᠶᠢᠨ ᠭᠠᠵᠠᠷ ᠤᠨ ᠬᠢᠨ ︽ᠬᠠᠤᠯᠢ ᠴᠠᠭᠠᠵᠠ᠂ ᠵᠦᠢ | ᠶᠤᠰᠤ᠂ ᠬᠠᠶᠢᠷ᠎ᠠ ᠰᠡᠳᠬᠢᠯᠭᠡ︾ ᠶᠢ ᠤᠷᠠᠨ ᠢᠶᠠᠷ ᠤᠶᠠᠯᠳᠤᠭᠤᠯᠤᠨ᠂ ᠤᠯᠠᠨ ᠲᠦᠮᠡᠨᠴᠢ ᠱᠤᠭᠤᠮ ᠢ ᠪᠠᠷᠢᠮᠳᠠᠯᠠᠵᠦ᠂ | ᠦᠨᠳᠦᠰᠦᠨ ᠱᠠᠲᠤᠨ ᠤ ᠵᠥᠷᠢᠴᠡᠯ ᠵᠢᠭᠤᠷᠠᠯᠳᠤᠭᠠᠨ ᠢ ᠰᠡᠷᠭᠡᠶᠢᠯᠡᠨ ᠠᠷᠢᠯᠭᠠᠬᠤ ︽ᠨᠢᠭᠡᠳᠦᠭᠡᠷ ᠰᠡᠷᠭᠡᠶᠢᠯᠡᠯᠲᠡ ᠶᠢᠨ | ᠱᠤᠭᠤᠮ︾ ᠤᠨ ᠦᠢᠯᠡᠳᠦᠯ ᠢ ᠪᠠᠳᠠᠷᠠᠭᠤᠯᠤᠨ᠂ ᠤᠯᠠᠨ ᠲᠦᠮᠡᠨ ᠤ ᠬᠠᠤᠯᠢ ᠶᠤᠰᠤᠨ ᠤ ᠡᠷᠭᠡ ᠠᠰᠢᠬ ᠢ ᠰᠠᠶᠢᠳᠤᠷ | ᠬᠠᠮᠠᠭᠠᠯᠠᠵᠦ ᠪᠠᠶᠢᠭ᠎ᠠ ᠶᠤᠮ᠃ ᠳᠠᠷᠠᠭᠠᠴᠢ ᠪᠠᠷ᠂ ᠬᠤᠯᠪᠤᠭ᠎ᠠ ᠬᠠᠤᠯᠢ ᠴᠠᠭᠠᠵᠠ ᠶᠢᠨ ᠭᠠᠵᠠᠷ ᠤᠨ ᠬᠢᠨ ᠦᠷᠬᠦᠯᠵᠢᠯᠡᠨ | ᠰᠢᠨ᠎ᠡ ᠴᠠᠭ ᠦᠶ᠎ᠡ ᠶᠢᠨ ︽ᠹᠧᠩᠴᠢᠶᠤᠤ ᠶᠢᠨ ᠲᠤᠷᠰᠢᠯᠭ᠎ᠠ︾ ᠶᠢ ᠦᠷᠭᠦᠯᠵᠢᠯᠡᠨ ᠪᠠᠷᠢᠮᠲᠠᠯᠠᠨ ᠬᠥᠭᠵᠢᠭᠦᠯᠵᠦ᠂ | ᠠᠷᠠᠳ ᠤᠨ ᠡᠶᠡᠳᠡᠭᠦᠯᠦᠭᠴᠢ ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠵᠥᠷᠢᠴᠡᠯ ᠵᠢᠭᠤᠷᠠᠯᠳᠤᠭᠠᠨ ᠢ ᠡᠬᠢ | ᠡᠭᠦᠰᠦᠯ ᠠᠴᠠ ᠨᠢ ᠵᠠᠰᠠᠬᠤ ᠵᠢᠴᠢ ᠤᠯᠠᠨ ᠡᠰᠢᠵᠢᠬᠦᠯᠦᠨ ᠰᠢᠢᠳᠪᠦᠷᠢᠯᠡᠬᠦ ᠶᠢ ᠪᠡᠶᠡᠯᠡᠭᠦᠯᠵᠦ᠂ ᠦᠨᠳᠦᠰᠦᠨ ᠱᠠᠲᠤᠨ ᠤ | ᠨᠡᠶᠢᠭᠡᠮ ᠤᠨ ᠡᠶ᠎ᠡ ᠵᠣᠬᠢᠴᠠᠩᠭᠤᠢ ᠲᠣᠭᠲᠠᠭᠤᠨ ᠢ ᠦᠨᠡᠨᠬᠦ ᠬᠠᠮᠠᠭᠠᠯᠠᠬᠤ ᠪᠤᠯᠤᠨ᠎ᠠ᠃ | |