ᠡᠨᠡ ᠵᠢᠯ ᠵᠠᠯᠠᠶᠢᠳ ᠬᠤᠰᠢᠭᠤ ᠰᠢᠨᠵᠢᠯᠡᠬᠦ ᠤᠬᠠᠭᠠᠨᠴᠢ ᠪᠠᠷ 70 ᠲᠦᠮᠡᠨ ᠮᠤ᠋ ᠤᠰᠤᠨ ᠲᠤᠳᠤᠷᠭ᠎ᠠ ᠲᠠᠷᠢᠵᠠᠢ
ᠨᠡᠶᠢᠲᠡᠯᠡᠭᠰᠡᠨ ᠴᠠᠭ᠄
2024/6/12
     ᠵᠠᠯᠠᠶᠢᠳ ᠬᠤᠰᠢᠭᠤ ᠪᠦᠬᠦ ᠤᠷᠤᠨ ᠤ ᠤᠰᠤᠨ ᠲᠤᠲᠤᠷᠭ᠎ᠠ ᠶᠢᠨ ᠴᠢᠬᠤᠯᠠ ᠰᠠᠭᠤᠷᠢᠨ ᠭᠠᠵᠠᠷ ᠪᠤᠯᠤᠨ᠎ᠠ᠃ ᠤᠶᠢᠷ᠎ᠠ ᠶᠢᠨ ᠵᠢᠯ ᠠᠴᠠ ᠨᠠᠭᠠᠰᠢ᠂ ᠲᠤᠰ ᠬᠤᠰᠢᠭᠤ ᠤᠰᠤᠨ ᠲᠤᠲᠤᠷᠭ᠎ᠠ ᠲᠠᠷᠢᠬᠤ ᠪᠠᠷ ᠲᠠᠷᠢᠶᠠᠴᠢᠳ ᠢ ᠪᠠᠶᠠᠵᠢᠭᠤᠯᠬᠤ ᠠᠵᠤ ᠦᠢᠯᠡᠰ ᠪᠣᠯᠭᠠᠵᠤ᠂ ᠰᠢᠨᠵᠢᠯᠡᠬᠦ ᠤᠬᠠᠭᠠᠨᠴᠢᠯᠠᠬᠤ᠂ ᠮᠠᠰᠢᠨᠴᠢᠯᠠᠬᠤ᠂ ᠬᠡᠪᠴᠢᠶᠡᠵᠢᠭᠦᠯᠬᠦ ᠶᠢ ᠠᠬᠢᠭᠤᠯᠤᠭᠠᠳ ᠤᠯᠠᠮᠵᠢᠯᠠᠯᠲᠤ ᠠᠷᠭ᠎ᠠ ᠪᠠᠷ ᠲᠠᠷᠢᠬᠤ ᠶᠢ ᠤᠳᠤ ᠦᠶ᠎ᠡ ᠶᠢᠨ ᠤᠶᠤᠨᠲᠤ ᠲᠠᠷᠢᠶᠠᠯᠠᠩ ᠲᠡᠰᠢ ᠬᠤᠪᠢᠷᠠᠭᠤᠯᠤᠭᠠᠳ ᠠᠮᠵᠢᠯᠳᠠ ᠤᠯᠵᠠᠢ᠃      ︽ᠨᠢᠳᠦᠨᠦᠨ᠂ ᠪᠢᠳᠡ 600 ᠮᠥ ᠬᠠᠭᠤᠷᠠᠢ ᠳᠠᠷᠢᠶᠠᠨ ᠳᠤ ᠤᠰᠤᠨ ᠳᠤᠳᠤᠷᠭ᠎ᠠ ᠳᠤᠷᠰᠢᠨ ᠳᠠᠷᠢᠭᠠᠳ ᠢᠯᠡᠳᠲᠡ ᠠᠮᠵᠢᠯᠳᠠ ᠤᠯᠪᠠ᠂ ᠡᠨᠡ ᠵᠢᠯ ᠪᠠᠰᠠ 1500 ᠮᠥ ᠦᠷᠭᠡᠳᠭᠡᠨ ᠳᠠᠷᠢᠵᠠᠢ᠂ ᠤᠰᠤᠨ ᠳᠤᠳᠤᠷᠭ᠎ᠠ ᠶᠢ ᠬᠠᠭᠤᠷᠠᠶ ᠪᠠᠷ ᠲᠠᠷᠢᠪᠡᠯ ᠮᠦ ᠪᠦᠷᠢ ᠲᠡᠭᠡᠷ᠎ᠠ 300 ᠲᠥᠭᠦᠷᠢᠭ ᠠᠷᠪᠢᠯᠠᠨ᠎ᠠ᠃︾ ᠭᠡᠵᠦ ᠵᠠᠯᠠᠶᠢᠳ ᠬᠤᠰᠢᠭᠤᠨ ᠤ ᠴᠤᠤᠯ ᠶᠢᠨ ᠵᠦ ᠠᠮᠤ ᠪᠤᠳᠠᠭᠠᠨ ᠤ ᠦᠢᠯᠡᠰ ᠤᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠫᠢᠶᠣᠣ ᠵᠧ ᠵᠢᠶᠦ᠋ᠨ ᠬᠡᠯᠡᠪᠡ᠃      ︽ᠡᠨᠡ ᠵᠢᠯ ᠪᠢᠳᠡ ᠭᠠᠳᠠᠭᠠᠳᠤ ᠠᠴᠠ ᠴᠢᠬᠢ ᠰᠠᠭᠤᠯᠭᠠᠬᠤ ᠰᠢᠨ᠎ᠡ ᠮᠡᠷᠭᠡᠵᠢᠯ ᠪᠠ ᠰᠢᠨ᠎ᠠ ᠲᠤᠨᠤᠭ ᠲᠦᠭᠦᠭᠡᠷᠦᠮᠵᠢ ᠣᠷᠣᠭᠤᠯᠵᠠᠶ᠂ ᠡᠨᠡᠬᠦ ᠲᠥᠬᠦᠭᠡᠷᠦᠮᠵᠢ ᠶᠢᠨ ᠰᠠᠶᠢᠨ ᠲᠠᠢ ᠲᠠᠯ᠎ᠠ ᠨᠢ ᠪᠤᠵᠠᠷ ᠡᠪᠡᠰᠦ ᠶᠢ ᠠᠷᠢᠯᠭᠠᠬᠤ ᠴᠢᠬᠤᠯᠠ ᠦᠭᠡᠢ ᠮᠦᠷᠳᠡᠭᠡᠨ ᠳᠠᠷᠢᠭᠰᠠᠨ ᠲᠤᠲᠤᠷᠭ᠎ᠠ ᠴᠤ ᠣᠷᠭᠠᠨᠢᠭ ᠤᠨ ᠪᠠᠷᠢᠮᠵᠢᠶ᠎ᠠ ᠳᠤ ᠬᠦᠷᠴᠦ ᠲᠡᠶᠢᠯᠦᠨ᠎ᠠ︾ ᠭᠡᠵᠦ ᠵᠠᠯᠠᠶᠢᠳ ᠬᠤᠰᠢᠭᠤᠨ ᠤ ᠮᠧᠩ ᠶᠤᠸᠠᠨ ᠠᠮᠤ ᠪᠤᠳᠠᠭᠠᠨ ᠤ ᠠᠷᠠᠯᠵᠢᠶᠠᠨ ᠤ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠶᠢᠨ ᠬᠠᠷᠢᠭᠤᠴᠠᠯᠭᠠᠲᠠᠨ ᠰᠦᠩ ᠴᠦᠨ ᠫᠢᠩ ᠬᠡᠯᠡᠪᠡ᠃      ᠣᠶᠢᠯᠠᠭᠠᠭᠰᠠᠨ ᠢᠶᠠᠷ᠂ ᠡᠨᠡᠬᠦ ᠰᠢᠨ᠎ᠠ ᠮᠡᠷᠭᠡᠵᠢᠯ ᠨᠢ ᠲᠠᠷᠢᠮᠠᠯ ᠤᠨ ᠡᠰᠢ ᠰᠦᠷᠡᠯ ᠢ ᠤᠰᠤᠨ ᠲᠠᠷᠢᠶᠠᠨ ᠳᠤ 70 ᠡᠳᠦᠷ ᠣᠷᠴᠢᠮ ᠳᠡᠪᠲᠦᠭᠡᠭᠰᠡᠭᠡᠷ ᠣᠷᠭᠠᠨᠢᠭ ᠪᠣᠷᠳᠣᠭᠤᠷ ᠪᠤᠯᠳᠠᠭ ᠪᠠᠶᠢᠨ᠎ᠠ᠃      ᠤᠢᠢᠷ᠎ᠠ ᠶᠢᠨ ᠵᠢᠯ ᠳᠤ᠂ ᠵᠠᠯᠠᠶᠢᠳ ᠬᠤᠰᠢᠭᠤ ᠮᠠᠰᠢᠨ ᠢᠶᠠᠷ ᠤᠰᠤᠨ ᠲᠤᠲᠤᠷᠭ᠎ᠠ ᠲᠠᠷᠢᠭᠠᠳ  ᠬᠦᠳᠡᠯᠮᠦᠷᠢ ᠬᠦᠴᠦ ᠶᠢ ᠦᠨᠡᠬᠡᠷ ᠠᠷᠪᠢᠯᠠᠵᠤ ᠪᠠᠶᠢᠨ᠎ᠠ᠃      ︽ᠵᠢᠯᠣᠭᠤᠴᠢ ᠦᠭᠡᠢ ᠨᠢᠰᠭᠡᠯ ᠢᠶᠠᠷ ᠴᠢᠬᠢ ᠰᠠᠭᠤᠯᠭᠠᠬᠰᠠᠨ ᠠᠴᠠ ᠴᠠᠭ ᠪᠠ ᠬᠦᠮᠦᠨ ᠤ ᠬᠦᠴᠦ ᠳᠤ ᠠᠷᠪᠢᠲᠠᠢ ᠪᠤᠯᠵᠠᠢ᠂ 200 ᠮᠦ ᠲᠠᠷᠢᠶ᠎ᠠ ᠶᠢ ᠬᠤᠶᠠᠷᠬᠠᠨ ᠡᠳᠦᠷ ᠲᠤ ᠴᠢᠬᠢ ᠰᠠᠭᠤᠯᠭᠠᠵᠦ ᠲᠠᠭᠤᠰᠬᠠᠭᠠᠳ ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠵᠦ᠂ ᠮᠥ ᠪᠦᠷᠢ ᠲᠡᠭᠡᠷ᠎ᠠ ᠳᠤᠮᠳᠠᠴᠢ ᠪᠠᠷ 100 ᠲᠥᠭᠦᠷᠢᠭ ᠣᠷᠴᠢᠮ ᠠᠷᠪᠢᠯᠠᠵᠠᠢ︾ ᠭᠡᠵᠦ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠦᠨ ᠤ ᠱᠦᠢ ᠳᠢᠶᠠᠨ ᠳᠤᠰᠬᠤᠨ ᠤ ᠳᠠᠷᠢᠮᠠᠯ ᠤᠨ ᠳᠤᠮᠦ ᠡᠷᠦᠬᠡ ᠯᠢ ᠮᠢᠩ ᠮᠢᠩ ᠰᠤᠷᠪᠤᠯᠵᠢᠯᠠᠭᠴᠢ ᠳᠤ ᠳᠠᠨᠢᠯᠴᠠᠭᠤᠯᠵᠦ ᠪᠠᠶᠢᠯ᠎ᠠ᠃
      ᠵᠠᠯᠠᠶᠢᠳ ᠬᠤᠰᠢᠭᠤ ᠵᠢᠯᠣᠭᠤᠴᠢ ᠦᠭᠡᠢ ᠨᠢᠰᠭᠡᠯ ᠢᠶᠠᠷ ᠴᠢᠬᠢ ᠰᠠᠭᠤᠯᠭᠠᠵᠦ ᠤᠶᠤᠨᠲᠤ ᠲᠠᠷᠢᠶᠠᠯᠠᠩ ᠤᠨ ᠦᠵᠡᠮᠵᠢ ᠶᠢ ᠨᠡᠩ ᠭᠤᠶᠤ ᠰᠠᠶᠢᠠᠬᠨ ᠪᠤᠯᠭᠠᠬᠰᠠᠨ ᠮᠦᠷᠳᠡᠭᠡᠨ ︽ᠵᠢᠯᠣᠭᠤᠴᠢ ᠥᠬᠡᠶ ᠨᠢᠰᠭᠡᠯ + ᠴᠢᠬᠢ ᠰᠠᠭᠤᠯᠭᠠᠬᠤ ᠮᠠᠰᠢᠨ︾   ᠤ ᠵᠠᠬᠪᠤᠷ ᠢᠶᠠᠷ ᠤᠰᠤᠨ ᠲᠤᠲᠤᠷᠭ᠎ᠠ ᠶᠢᠨ ᠴᠢᠬᠢ ᠰᠠᠭᠤᠯᠭᠠᠬᠤ ᠠᠵᠢᠯ ᠤᠨ ᠦᠷ᠎ᠠ ᠪᠦᠳᠦᠮᠵᠢ ᠶᠢ ᠤᠯᠠᠮ ᠢᠶᠠᠷ ᠲᠡᠭᠡᠭᠰᠢᠯᠡᠭᠦᠯᠵᠠᠢ᠃      ︽ᠤᠳᠤ ᠮᠠᠨ ᠤ ᠪᠠᠯᠭᠠᠰᠤ 12.7 ᠲᠦᠮᠡᠨ ᠮᠥ ᠤᠰᠤᠨ ᠲᠤᠳᠤᠷᠭ᠎ᠠ ᠲᠠᠷᠢᠵᠦ᠂ ᠴᠢᠬᠢ ᠰᠠᠭᠤᠯᠭᠠᠬᠤ ᠠᠴᠠ ᠵᠥᠭᠡᠭᠡᠪᠦᠷᠢᠯᠡᠬᠦ ᠬᠦ᠋ᠷᠳᠡᠯ᠎ᠠ ᠴᠥᠮ ᠮᠠᠰᠢᠨᠴᠢᠯᠠᠵᠠᠢ︾ ᠭᠡᠵᠦ ᠵᠠᠯᠠᠶᠢᠳ ᠬᠤᠰᠢᠭᠤᠨ ᠤ ᠬᠤᠯᠪᠣᠭ᠎ᠠ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ᠂ ᠪᠠᠯᠭᠠᠰᠤᠨ ᠳᠠᠷᠤᠭ᠎ᠠ ᠲᠠᠩ ᠽᠢ ᠵᠢᠶᠠᠨ ᠬᠡᠯᠡᠪᠡ᠃      ᠤᠶᠢᠯᠠᠭᠠᠭᠰᠠᠨ ᠢᠶᠠᠷ᠂ ᠡᠨᠡ ᠵᠢᠯ ᠵᠠᠯᠠᠶᠢᠳ ᠬᠤᠰᠢᠭᠤ 70 ᠲᠦᠮᠡᠨ ᠤᠰᠤᠨ ᠲᠤᠳᠤᠷᠭ᠎ᠠ ᠲᠠᠷᠢᠵᠦ᠂  ᠡᠭᠦᠨ ᠳᠤ 2100 ᠮᠤ᠋ ᠶᠢ ᠬᠠᠭᠤᠷᠠᠢ ᠪᠠᠷ ᠲᠠᠷᠢᠭᠠᠳ ᠤᠳᠤ ᠪᠥᠬᠦ ᠬᠤᠰᠢᠭᠤᠨ ᠤ ᠤᠰᠤᠨ ᠲᠤᠲᠤᠷᠭ᠎ᠠ ᠳᠠᠷᠢᠬᠤ ᠠᠵᠢᠯ ᠢᠶᠠᠨ ᠪᠦᠬᠦᠨ ᠢ ᠳᠠᠭᠤᠰᠬᠠᠵᠠᠢ᠃                                  ᠵᠠᠩ ᠸᠧᠨ ᠰᠢᠩ    ᠪᠣᠣ ᠤᠶᠤᠨ᠎ᠠ ᠰᠡᠭᠦᠳᠡᠷᠯᠡᠨ ᠮᠡᠳᠡᠭᠡᠯᠡᠪᠡ
 
ᠢᠷᠡᠯᠲᠡ᠄ ᠵᠠᠯᠠᠶᠢᠳ ᠤᠨ ᠸᠢᠴᠠᠲ ᠮᠡᠳᠡᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号