ᠵᠠᠯᠠᠶᠢᠳ ᠤᠨ ᠠᠭᠤᠯᠠ ᠤᠰᠤ —  ᠴᠤᠤᠯ ᠭᠤᠤᠯ ᠤᠨ ᠭᠤᠣᠯ ᠪᠣᠯᠬᠤ ᠴᠢᠳᠬᠤᠯᠠᠩ ᠤᠳ
ᠨᠡᠶᠢᠲᠡᠯᠡᠭᠰᠡᠨ ᠴᠠᠭ᠄
2024/5/7
    ︵ᠨᠢᠭᠡ︶ ᠤᠲᠠᠨ ᠭᠤᠤᠯ            ᠬᠦᠯᠦᠨ ᠪᠤᠶᠢᠷ ᠬᠤᠲᠠ ᠶᠢᠨ ᠶᠠᠭᠰᠢ ᠬᠤᠲᠠ ᠶᠢᠨ ᠴᠤᠤᠶᠤᠶᠠᠨ ᠪᠠᠯᠭᠠᠰᠤᠨ ᠤ ᠵᠠᠭᠦᠨ ᠡᠮᠦᠨ᠎ᠡ ᠠᠴᠠ ᠪᠠᠷᠠᠭᠤᠨ ᠬᠤᠶᠢᠰᠢ ᠤᠷᠤᠰᠴᠦ᠂ ᠴᠤᠤᠶᠤᠸᠠᠨ ᠪᠠᠯᠭᠠᠰᠤᠨ ᠤ ᠵᠦᠪᠡᠯᠡᠯᠲᠦ ᠲᠤᠰᠬᠤᠨ ᠤᠷᠴᠢᠮ ᠨᠡᠶᠢᠯᠡᠬᠦ ᠴᠢᠳᠬᠤᠯᠠᠩ᠃  27 ᠺᠢᠯᠦᠮᠧᠲᠷ ᠤᠷᠲᠦ᠃   ︵ᠬᠤᠶᠠᠷ︶ ᠮᠸᠢ ᠯᠢᠶᠠᠩ ᠭᠤᠤᠯ ︵ᠵᠢᠵᠢᠭᠬᠡᠨ ᠭᠤᠷᠤᠬ᠎ᠠ︶   ︵ᠭᠤᠷᠪᠠ︶ ᠰᠦᠭᠡᠭ ᠤᠨ ᠭᠤᠤᠯ          ᠬᠦᠯᠦᠨ ᠪᠤᠶᠢᠷ ᠬᠤᠲᠠ ᠶᠢᠨ ᠶᠠᠭᠰᠢ ᠬᠤᠲᠠ ᠶᠢᠨ ᠴᠤᠤᠶᠤᠶᠠᠨ ᠪᠠᠯᠭᠠᠰᠤᠨ ᠤ  ᠪᠠᠷᠠᠭᠤᠨ ᠡᠮᠦᠨᠡᠭᠦᠷ ᠰᠦᠭᠡᠭ ᠤᠨ ᠠᠶᠢᠯ ︵ᠲᠤᠰᠬᠤᠨ﹀ ᠤᠷᠴᠢᠮ ᠪᠠᠷᠠᠭᠤᠨ ᠲᠠᠯ᠎ᠠ ᠠᠴᠠ ᠴᠢᠳᠬᠤᠨ ᠤᠷᠤᠨ᠎ᠠ᠃ 27.7 ᠺᠢᠯᠦᠮᠧᠲᠷ ᠤᠷᠲᠦ᠃ ᠶᠠ ᠰᠢᠩ ᠭᠧᠦ ᠠᠴᠠ ᠡᠬᠢ ᠠᠪᠴᠦ᠂ ᠵᠠᠭᠦᠨ ᠡᠮᠦᠨᠡᠰᠢ ᠤᠷᠤᠰᠣᠨ᠎ᠠ᠃ ᠳ᠋ᠠ ᠴᠧᠩ ᠭᠧᠦ ᠠᠴᠠ ᠲᠤᠷᠤᠭᠰᠢᠬᠢ ᠬᠡᠰᠡᠭ ᠢ ᠨᠢ ᠰᠠᠶ᠋ᠢ ᠰᠦᠭᠡᠭ ᠤᠨ ᠭᠤᠤᠯ ᠭᠡᠰᠡᠭ᠃   ︵ᠳᠦᠷᠪᠡ︶ ᠡᠯᠢᠭᠡᠳᠡᠴᠢ ᠭᠤᠤᠯ   ︵ᠲᠠᠪᠤ︶  ᠲᠠᠷᠴᠢ ᠭᠤᠤᠯ          ᠲᠠᠷᠴᠢ ᠪᠠᠯᠭᠠᠰᠤ ᠪᠤᠯᠤᠨ ᠡᠸᠠᠩᠬᠢ ᠬᠤᠰᠢᠭᠤᠨ ᠤ ᠬᠢᠯᠢ ᠨᠠᠶᠢᠯᠡᠭᠰᠡᠨ ᠭᠠᠵᠠᠷ ᠲᠠᠬᠢ ᠲᠠᠷᠴᠢ ᠶᠢᠨ ᠠᠷᠤ ᠠᠭᠤᠯᠠᠨ ᠠᠴᠠ ᠡᠬᠢ ᠠᠪᠴᠠᠢ᠃ 44.3 ᠺᠢᠯᠦᠮᠧᠲᠷ ᠤᠷᠲᠦ᠃ ᠠᠮᠤᠬᠤᠢ ᠢᠯᠠᠳ ᠠᠴᠠ ᠡᠬᠢᠯᠡᠵᠦ᠂ ᠵᠠᠭᠦᠨ ᠡᠮᠦᠨᠡᠰᠢ ᠣᠷᠣᠰᠴᠦ ᠪᠠᠶᠢᠭᠰᠠᠨ ᠠᠴᠠ ᠪᠠᠨ ᠵᠡᠭᠦᠨᠰᠢ ᠤᠷᠤᠰᠤᠨ᠎ᠠ᠃ ᠵᠦᠩ ᠰᠢᠨ ᠭᠧᠦ ᠠᠴᠠ ᠲᠤᠷᠤᠭᠰᠢᠬᠢ ᠬᠡᠰᠡᠭ  ᠢ ᠨᠢ ᠲᠠᠷᠴᠢ ᠭᠤᠤᠯ ᠭᠡᠨ᠎ᠡ᠃ ᠰᠦᠩ ᠯᠢᠩ ᠭᠠᠯᠲᠦ ᠲᠡᠷᠭᠡᠨ ᠦᠷᠲᠡᠭᠡᠨ ᠤ ᠵᠠᠭᠦᠨ ᠬᠤᠶᠢᠨ᠎ᠠ ᠴᠤᠤᠯ ᠭᠤᠤᠯ ᠳᠤ ᠴᠢᠳᠬᠤᠨ᠎ᠠ᠃ ᠲᠠᠷᠴᠢ ᠪᠠᠯᠭᠠᠰᠤᠨ ᠤ ᠵᠠᠭᠦᠨ ᠲᠠᠯ᠎ᠠ ᠳᠤ ᠴᠤᠤᠯ ᠭᠤᠤᠯ ᠤᠨ ᠪᠠᠷᠠᠭᠤᠨ ᠲᠠᠯ᠎ᠠ ᠠᠴᠠ ᠴᠢᠳᠬᠤᠨ ᠨᠠᠶᠢᠯᠡᠨ᠎ᠡ᠃ ᠲᠠᠷᠴᠢ ᠪᠠᠯᠭᠠᠰᠤᠨ ᠤ ᠶᠠᠭ ᠠᠷᠤ ᠳᠤ  ︽ᠴᠤᠤᠯ  ᠬᠦᠬᠦᠷᠭᠡ︾  ᠪᠤᠢ᠃ ᠪᠠᠯᠭᠠᠰᠤᠨ ᠤ ᠡᠮᠦᠨ᠎ᠡ ᠠᠭᠤᠯᠠᠨ ᠳᠡᠭᠡᠷ᠎ᠡ ᠴᠢᠯᠠᠭᠤ ᠪᠤᠰᠬᠠᠵᠦ ᠳᠡᠭᠡᠷ᠎ᠡ ᠨᠢ ︽ᠴᠤᠤᠯ ᠭᠤᠤᠯ ᠤᠨ ᠮᠠᠭᠲᠠᠭᠠᠯ︾   ᠢ ᠬᠢᠲᠠᠳ ᠦᠰᠦᠭ ᠢᠶᠠᠷ ᠰᠠᠶᠢᠯᠦᠭᠰᠡᠨ ᠪᠠᠶᠢᠳᠠᠭ᠃  ︵ᠦᠷᠭᠦᠯᠵᠢᠯᠡᠯ ᠪᠤᠢ﹀
 
ᠢᠷᠡᠯᠲᠡ᠄ ︽ᠲᠠᠪᠤᠨ ᠭᠤᠤᠯ ᠤᠨ ᠰᠤᠶᠤᠯ ᠵᠦᠢ ᠶᠢᠨ ᠪᠠᠶᠢᠴᠠᠭᠠᠯᠲᠠ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号