ᠵᠠᠯᠠᠶᠢᠳ ᠤᠨ ᠠᠭᠤᠯᠠ ᠤᠰᠤ — ᠳᠡᠤᠬᠡᠨ ᠳᠠᠬᠢ ᠴᠤᠤᠯ ᠭᠤᠤᠯ ᠤᠨ ᠲᠤᠬᠠᠢ ᠳᠡᠮᠳᠡᠭᠯᠡᠯ ᠤᠳ
ᠨᠡᠶᠢᠲᠡᠯᠡᠭᠰᠡᠨ ᠴᠠᠭ᠄
2024/4/7
     1. ︽ᠸᠧᠢ ᠤᠯᠤᠰ ᠤᠨ ᠲᠡᠤᠬᠡ︾ ᠶᠢᠨ 88 ᠳ᠋ᠣᠭᠠᠷ ᠪᠦᠯᠦᠭ ᠤᠨ ︽ᠱᠢᠸᠧᠢ ᠶᠢᠨ ᠴᠠᠳᠢᠭ︾ ᠲᠤ ︽ᠴᠦᠸᠧ ᠱᠦᠢ︾ ︵啜水︶ ᠭᠡᠵᠦ ᠳᠡᠮᠳᠡᠭᠯᠡᠵᠡᠢ᠃ ᠡᠭᠦᠨ ᠲᠠᠢ ᠠᠳᠠᠯᠢ ᠪᠠᠷ ︽ᠤᠮᠠᠷᠠᠳᠤ ᠶᠢᠨ ᠲᠡᠤᠬᠡ︾  ᠶᠢᠨ ︽ᠱᠢᠸᠧᠢ ᠶᠢᠨ ᠴᠠᠳᠢᠭ︾ ᠲᠤ ᠮᠦᠨ ︽啜水︾ ᠭᠡᠵᠦ ᠳᠡᠮᠳᠡᠭᠯᠡᠵᠡᠢ᠃      2. ︽ᠬᠠᠭᠤᠴᠢᠨ ᠲᠠᠩ ᠤᠯᠤᠰ ᠤᠨ ᠪᠢᠴᠢᠭ︾ ᠤᠨ 149 ᠳ᠋ᠣᠭᠡᠷ ᠪᠦᠯᠦᠭ ᠤᠨ ︽ᠱᠢᠸᠧᠢ ᠶᠢᠨ ᠴᠠᠳᠢᠭ︾ ᠲᠤ ︽啜河︾ ᠭᠡᠵᠦ ᠳᠡᠮᠳᠡᠭᠯᠡᠵᠡᠢ᠃      3. ︽ᠶᠤᠸᠠᠨ ᠤᠯᠤᠰ ᠤᠨ ᠳᠡᠤᠬᠡ︾ ᠶᠢᠨ ᠭᠠᠵᠠᠷ ᠵᠦᠢ ᠶᠢᠨ ᠤᠶᠢᠯᠠᠪᠤᠷᠢ ᠳᠤ ︽搠河︾᠂ ︽朔木连河︾ ᠭᠡᠵᠦ ᠳᠡᠮᠳᠡᠭᠯᠡᠵᠡᠢ᠃      4. ︽ᠮᠢᠩ ᠤᠯᠤᠰ ᠤᠨ ᠦᠨᠡᠨ ᠲᠡᠤᠬᠡ︾ ᠳᠤ ᠲᠠᠶᠢᠽᠦ᠋ᠩ ᠬᠠᠭᠠᠨ ᠤ ᠨᠠᠮᠳᠠᠷ ᠲᠤ ︵明朱棣︶ ᠶᠥᠩ ᠯᠧ ᠶᠢᠨ ᠵᠢᠷᠭᠤᠳᠤᠭᠠᠷ ᠤᠨ ︵1408 ᠤᠨ︶ ᠤ ᠳᠡᠮᠳᠡᠭᠯᠡᠯ ᠳᠤ ᠴᠤᠤᠯ ᠭᠤᠤᠯ ᠢ ︽戮儿河︾ ᠭᠡᠵᠦ ᠨᠡᠷᠡᠶᠢᠳᠴᠤ ᠪᠠᠶᠢᠨ᠎ᠠ᠃ ᠮᠢᠩ ᠤᠯᠤᠰ ᠤᠨ ᠤᠷᠢᠶᠠᠩᠬᠠᠢ ᠶᠢᠨ ᠭᠤᠷᠪᠠᠨ ᠮᠢᠩᠭᠠᠨ ᠡᠷᠦᠭᠡ ︵兀良哈三卫︶ ᠲᠠᠢ ᠬᠠᠮᠢᠶ᠎ᠠ ᠲᠠᠢ ᠳᠡᠮᠳᠡᠭᠯᠡᠯ ᠪᠦᠷᠢ ᠳᠤ ᠮᠦᠨ ︽戮儿河︾ ᠭᠡᠵᠦ ᠪᠠᠶᠢᠵᠠᠢ᠃      5. ︽ᠴᠢᠩ ᠤᠨ ᠳᠡᠤᠬᠡᠨ ᠨᠤᠤᠷᠠᠭ︾ ᠤᠨ ᠭᠠᠵᠠᠷ ᠵᠦᠢ ᠶᠢᠨ ᠤᠶᠢᠯᠠᠪᠤᠷᠢ ᠶᠢᠨ 24 ᠳ᠋ᠣᠭᠡᠷ ᠪᠦᠯᠦᠭ ᠲᠤ ᠨᠤᠨ ᠬᠤᠷᠴᠢᠨ ᠤ ᠵᠠᠯᠠᠶᠢᠳ ᠬᠤᠰᠢᠭᠤᠨ ᠤ ᠨᠤᠳᠤᠭ ᠤᠰᠤᠨ ᠤ ᠳᠡᠮᠳᠡᠭᠯᠡᠯ ᠳᠤ ᠮᠦᠨ ᠴᠦ ︽戮儿河︾ ᠭᠡᠵᠦ ᠳᠡᠮᠳᠡᠭᠯᠡᠵᠦ ᠪᠠᠶᠢᠵᠠᠢ᠃ ᠵᠠᠩ ᠮᠤ᠋ ᠶᠢᠨ ᠪᠢᠴᠢᠭᠰᠡᠨ ︽ᠮᠤᠩᠭᠤᠯ ᠬᠤᠰᠢᠭᠤ ᠨᠤᠳᠤᠭ ᠤᠨ ᠳᠡᠮᠳᠡᠭᠯᠡᠯ︾ ᠳᠤ ᠮᠦᠨ ᠴᠦ ︽戮儿河︾ ᠭᠡᠵᠦ ᠳᠡᠮᠳᠡᠭᠯᠡᠵᠦ ᠪᠤᠢ᠃      6. ︽ᠴᠢᠩ ᠤᠯᠤᠰ ᠤᠨ ᠦᠶ᠎ᠡ ᠶᠢᠨ ᠦᠪᠦᠷ ᠮᠤᠩᠭᠤᠯ ᠤᠨ ᠵᠡᠭᠦᠨ ᠭᠤᠷᠪᠠᠨ ᠠᠶᠢᠮᠠᠭ ᠤᠨ ᠳᠡᠤᠬᠡ︾ ᠳᠤ ᠵᠠᠯᠠᠶᠢᠳ ᠬᠤᠰᠢᠭᠤᠨ ᠤ ᠴᠤᠤᠯ ᠭᠤᠤᠯ ᠨᠢ ᠮᠢᠩ ᠤᠯᠤᠰ ᠤᠨ ᠦᠶ᠎ᠡ ᠶᠢᠨ ︽戮儿河︾ ᠮᠦᠨ ᠭᠡᠵᠦ ᠳᠡᠮᠳᠡᠭᠯᠡᠵᠡᠢ᠃      7. ᠮᠢ ᠸᠧᠨ ᠫᠢᠩ ᠰᠤᠳᠤᠯᠤᠭᠴᠢ ᠶᠢᠨ ᠪᠢᠴᠢᠭᠰᠡᠨ ︽ᠱᠢᠸᠧᠢ ᠶᠢᠨ ᠬᠠᠮᠢᠶ᠎ᠠ ᠪᠦᠬᠦᠢ ᠭᠠᠵᠠᠷ ᠵᠦᠢ ᠶᠢᠨ ᠠᠰᠠᠭᠤᠳᠠᠯ︾ ᠭᠡᠳᠡᠭ ᠦᠭᠦᠯᠡᠯ ᠳᠤ ᠳᠡᠭᠡᠷᠡᠬᠢ ᠨᠡᠷᠡᠶᠢᠳᠦᠯ ᠤᠳ ᠠᠴᠠ ᠵᠦᠪᠳᠦᠭᠡᠨ ᠨᠤᠳᠠᠯᠠᠭᠰᠠᠨ ᠪᠠᠶᠢᠨ᠎ᠠ᠃ ᠳᠡᠷᠡ ᠪᠠᠷ ᠴᠢᠩ ᠤᠯᠤᠰ ᠤᠨ ᠡᠷᠳᠡᠮᠳᠡᠨ ᠳ᠋ᠢᠩ ᠴᠢᠶᠠᠨ ᠤ ︽啜水︾ ᠪᠤᠯ ᠬᠤᠤᠯᠢᠨ ᠭᠤᠤᠯ ᠮᠦᠨ ᠭᠡᠰᠡᠨ ᠦᠵᠡᠯᠳᠡ ᠶᠢ ᠨᠢᠴᠤᠭᠠᠵᠤ᠂ ᠶᠠᠫᠤᠨ ᠡᠷᠳᠡᠮᠳᠡᠨ ︽津田左右吉︾ ᠶᠢᠨ ︽啜水︾ ᠪᠤᠯ ᠬᠠᠯᠬ᠎ᠠ ᠭᠤᠤᠯ ᠮᠦᠨ ᠭᠡᠰᠡᠨ ᠦᠵᠡᠯᠳᠡ ᠶᠢ ᠨᠢᠴᠤᠭᠠᠵᠠᠢ᠃
 
ᠢᠷᠡᠯᠲᠡ᠄ ᠲᠠᠪᠣᠨ ᠭᠤᠣᠯ ᠤᠨ ᠰᠣᠶᠣᠯ ᠵᠦᠢ ᠶᠢᠨ ᠪᠠᠶᠢᠴᠭᠠᠠᠯᠳᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号