ᠵᠠᠯᠠᠶᠢᠳ ᠤᠨ ᠠᠭᠤᠯᠠ ᠤᠰᠤ — ᠴᠤᠤᠯ ᠭᠤᠤᠯ ᠤᠨ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2024/4/7
      ᠴᠤᠤᠯ ᠭᠤᠤᠯ ᠢ ︽ᠰᠢᠨ᠎ᠡ ᠲᠠᠩ ᠤᠯᠤᠰ ᠤᠨ ᠪᠢᠴᠢᠭ︾ ᠲᠤ ︽ᠴᠦᠸᠧ ᠱᠦᠢ ᠭᠤᠤᠯ︾ ︵啜水或啜河︶ ᠭᠡᠳᠡᠭ ᠪᠠᠶᠢᠵᠠᠢ᠃ ᠤᠳᠤ ᠶᠢᠨ ᠴᠤᠤᠯ ᠭᠤᠤᠯ ᠤᠨ ᠨᠡᠷ᠎ᠡ ᠨᠢ ᠡᠭᠦᠨ ᠠᠴᠠ ᠢᠷᠡᠯᠳᠡᠢ ᠪᠠᠶᠢᠵᠤ ᠮᠡᠳᠡᠨ᠎ᠡ᠃ ᠶᠤᠸᠠᠨ ᠤᠤᠯᠰ ᠤᠨ ᠦᠶ᠎ᠡ ᠳᠤ ︽ᠱᠤᠮᠤᠯᠢᠶᠠᠨ ᠭᠤᠤᠯ︾ ︵朔木连河︶ ᠭᠡᠵᠦ᠂ ᠮᠢᠩ ᠤᠯᠤᠰ ᠤᠨ ᠦᠶ᠎ᠡ ᠳᠤ ︽ᠯᠤ᠋ ᠡᠯ ᠭᠤᠤᠯ︾ ︵戮儿河或戮尔河︶ ᠭᠡᠵᠦ᠂ ᠴᠢᠩ ᠤᠯᠤᠰ  ᠠᠴᠠ ᠬᠤᠶᠢᠨ᠎ᠠ ︽ᠴᠤᠤᠯ ᠭᠤᠤᠯ︾ ᠭᠡᠵᠦ ᠨᠡᠷᠡᠰᠢᠵᠡᠢ᠃ ᠴᠤᠤᠯ ᠭᠤᠤᠯ ᠭᠡᠰᠡᠨ ᠨᠡᠷ᠎ᠡ ᠶᠢᠨ ᠢᠷᠡᠯᠳᠡ ᠶᠢ ᠶᠡᠭᠡ ᠲᠦᠯᠦᠪ ᠲᠦᠷᠪᠡᠨ ᠵᠦᠢᠯ ᠢᠶᠠᠷ ᠲᠠᠶᠢᠯᠪᠤᠷᠢᠯᠡᠵᠦ ᠪᠤᠢ᠃ ᠨᠢᠭᠡ ᠨᠢ᠄ ︽ᠴᠤᠭᠤᠷ︾ ᠭᠡᠭᠴᠢ ᠬᠦᠭᠵᠢᠮ ᠤᠨ ᠪᠠᠭᠠᠵᠢ  ᠠᠴᠠ ᠢᠷᠡᠯ ᠲᠠᠢ ᠭᠡᠬᠦ ᠦᠵᠡᠯᠳᠡ᠃ ᠴᠤᠤᠯ ᠭᠤᠤᠯ ᠤᠨ ᠤᠷᠤᠰᠬᠠᠯ ᠤᠨ ᠬᠡᠮᠵᠢᠶ᠎ᠡ ᠶᠡᠭᠡ᠂ ᠬᠦᠷᠴᠢᠭᠢᠨᠡᠨ ᠤᠷᠤᠰᠬᠤ ᠲᠠᠭᠤ ᠨᠢ ᠪᠠᠶᠢᠮ ᠬᠤᠯᠠ ᠠᠴᠠ ᠬᠦᠷᠬᠢᠷᠡᠨ ᠰᠤᠨᠤᠰᠳᠠᠬᠤ ᠨᠢ ᠶᠠᠭ ᠴᠤᠭᠤᠷ ᠤᠨ ᠬᠦᠭᠵᠢᠮ ᠮᠡᠳᠦ ᠤᠴᠢᠷ ᠠᠴᠠ ᠢᠩᠭᠢᠵᠦ ᠨᠡᠷᠡᠯᠡᠵᠡᠢ ᠬᠡᠳᠡᠭ᠃ ᠬᠤᠶᠠᠷ ᠨᠢ᠄ ᠴᠤᠤᠯ ᠭᠤᠤᠯ ᠤᠨ ᠤᠰᠤᠨ ᠳᠤ ᠴᠢᠯᠠᠭᠤ ᠠᠷᠪᠢᠨ ᠪᠠᠶᠢᠳᠠᠭ ᠠᠴᠠ ︽ᠴᠢᠯᠠᠭᠤ ᠭᠤᠤᠯ︾ ᠭᠡᠳᠡᠭ ᠪᠠᠶᠢᠵᠤ᠂ ᠠᠭᠠᠵᠢᠮ ᠢᠶᠠᠷ ᠴᠤᠤᠯ ᠭᠤᠤᠯ ᠪᠤᠯᠵᠠᠢ ᠭᠡᠳᠡᠭ᠃ ᠭᠤᠷᠪᠠ  ᠨᠢ᠄ ᠭᠠᠵᠠᠷ ᠢ ᠴᠤᠭᠤᠯᠵᠤ ᠭᠠᠷᠴᠤ ᠢᠷᠡᠭᠰᠡᠨ ᠪᠤᠯᠠᠭ ᠠᠴᠠ ᠡᠬᠢ ᠠᠪᠤᠭᠰᠠᠨ ᠭᠤᠤᠯ ᠲᠤᠯᠠ ︽ᠴᠤᠭᠤᠯᠵᠤ ᠭᠠᠷᠴᠤ ᠢᠷᠡᠭᠰᠡᠨ ᠭᠤᠤᠯ︾ ᠭᠡᠰᠡᠨ ᠰᠠᠨᠠᠭ᠎ᠠ ᠲᠠᠢ ᠭᠡᠳᠡᠭ᠃ ᠲᠦᠷᠪᠡ ᠨᠢ᠄ ︽ᠴᠤᠤᠯ︾ ︵绰尔︶ ᠭᠡᠳᠡᠭ  ᠨᠢ ᠮᠠᠨᠵᠤ ᠦᠬᠡ᠃ ︽ᠴᠤᠯᠠ︾(称号︶ ᠭᠡᠰᠡᠨ ᠤᠳᠬ᠎ᠠ ᠲᠠᠢ᠃
 
ᠢᠷᠡᠯᠲᠡ᠄ ᠲᠠᠪᠣᠨ ᠭᠤᠣᠯ ᠤᠨ ᠰᠣᠶᠣᠯ ᠵᠦᠢ ᠶᠢᠨ ᠪᠠᠶᠢᠴᠭᠠᠠᠯᠳᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号