ᠵᠠᠯᠠᠶᠢᠳ ᠤᠨ ᠠᠭᠤᠯᠠ ᠤᠰᠤ — ᠴᠤᠤᠯ ᠭᠤᠤᠯ ᠤᠨ ᠲᠤᠶᠢᠮᠤ ᠪᠠᠶᠢᠳᠠᠯ
ᠨᠡᠶᠢᠲᠡᠯᠡᠭᠰᠡᠨ ᠴᠠᠭ᠄
2024/4/7
      ᠴᠤᠤᠯ ᠭᠤᠤᠯ ᠢ ᠡᠷᠳᠡᠨ ᠳᠡᠭᠡᠨ ︽ᠴᠢᠦᠢ ᠯᠢ ᠤᠰᠤ︾ ︵屈利水︶ ᠭᠡᠳᠡᠭ ᠪᠠᠶᠢᠵᠠᠢ᠃ ᠬᠠᠷ᠎ᠠ ᠮᠦᠷᠡᠨ ᠤ ᠴᠢᠳᠬᠤᠯᠠᠩ ᠰᠤᠩᠭᠠᠷᠢ ᠮᠦᠷᠡᠨ ᠤ ᠬᠠᠮᠤᠭ ᠤᠨ ᠶᠡᠭᠡ ᠴᠢᠳᠬᠤᠯᠠᠩ ᠪᠤᠯᠬᠤ ᠨᠤᠨ ᠮᠦᠷᠡᠨ ᠤ ᠨᠢᠭᠡᠳᠦᠭᠡᠷ ᠵᠡᠷᠭᠡ ᠶᠢᠨ ᠴᠢᠳᠬᠤᠯᠠᠩ ᠪᠤᠯᠤᠨ᠎ᠠ᠃ ᠪᠦᠬᠦ ᠤᠷᠳᠤ ᠨᠢ 573 ᠺᠢᠯᠤᠮᠧᠲᠷ ᠪᠠᠶᠢᠵᠤ᠂ ᠦᠷᠭᠡᠨ ᠢᠶᠠᠷ  ᠢᠶᠠᠨ 30 —70 ᠮᠧᠲᠷ᠂ ᠤᠰᠤᠨ ᠤ ᠭᠦᠨ ᠨᠢ 0.8 —1.5 ᠮᠧᠲᠷ᠂ ᠤᠷᠤᠰᠬᠠᠯ ᠤᠨ ᠤᠷᠤᠨ ᠤ ᠳᠡᠭᠰᠢᠳᠭᠡᠭᠰᠡᠨ ᠦᠷᠭᠡᠴᠡ ᠨᠢ 34.54 ᠺᠢᠯᠤᠮᠧᠲᠷ᠂ ᠤᠷᠤᠰᠬᠠᠯ ᠤᠨ ᠤᠷᠤᠨ ᠤ ᠲᠠᠯᠠᠪᠠᠢ ᠨᠢ 17435 ᠺᠦᠸᠠᠳ᠋ ᠺᠢᠯᠤᠮᠧᠲᠷ᠂ ᠦᠪᠦᠷ ᠮᠤᠩᠭᠤᠯ ᠤᠨ ᠳᠤᠳᠤᠷ᠎ᠠ 16914 ᠺᠦᠸᠠᠳ᠋ ᠮᠧᠲᠷ ᠪᠠᠶᠢᠵᠤ᠂ 95.4% ᠶᠢ ᠡᠵᠡᠯᠡᠨ᠎ᠡ᠃ ᠡᠭᠦᠨ ᠳᠤ ᠠᠭᠤᠯᠠᠷᠬᠠᠭ ᠤᠷᠤᠨ ᠤ ᠲᠠᠯᠠᠪᠠᠢ ᠨᠢ 55%᠂ ᠬᠠᠩᠭᠠᠢ ᠭᠠᠵᠠᠷ ᠤᠨ ᠲᠠᠯᠠᠪᠠᠢ ᠨᠢ37% ᠂ ᠲᠠᠯ᠎ᠠ ᠭᠠᠵᠠᠷ ᠤᠨ ᠲᠠᠯᠠᠪᠠᠢ ᠨᠢ 8% ᠶᠢ ᠡᠵᠡᠯᠡᠨ᠎ᠡ᠃ ᠶᠡᠷᠦᠩᠬᠡᠢ ᠤᠷᠤᠰᠬᠠᠯ ᠤᠨ ᠬᠡᠮᠵᠢᠶ᠎ᠡ ᠨᠢ 24 ᠳ᠋ᠦᠩᠰᠢᠭᠤᠷ ᠺᠦᠪ ᠮᠧᠲᠷ ᠲᠤᠯᠵᠤ᠂ ᠦᠪᠦᠷ ᠮᠤᠩᠭᠤᠯ ᠤᠨ ᠬᠤᠶᠠᠳᠤᠭᠠᠷ ᠶᠡᠭᠡ ᠤᠷᠤᠰᠬᠠᠯ ᠤᠨ ᠬᠡᠮᠵᠢᠶ᠎ᠡ ᠲᠠᠢ ᠭᠤᠤᠯ ᠮᠦᠷᠡᠨ ᠳᠤ ᠲᠤᠭᠠᠴᠠᠭᠳᠠᠨ᠎ᠠ᠃ ᠵᠢᠯ ᠪᠦᠷᠢ ᠶᠢᠨ 11 ᠰᠠᠷ᠎ᠠ ᠠᠴᠠ ᠲᠠᠷᠠᠭ᠎ᠠ ᠵᠢᠯ ᠤᠨ 4 ᠰᠠᠷ᠎ᠠ ᠪᠤᠯᠳᠠᠯ᠎ᠠ ᠬᠦᠯᠳᠡᠭᠦᠦ ᠬᠤᠭᠤᠴᠠᠭ᠎ᠠ᠂ ᠬᠢᠩᠭᠠᠨ ᠠᠶᠢᠮᠠᠭ ᠤᠨ 7 ᠭᠤᠤᠯ ᠤᠨ ᠨᠢᠭᠡᠳᠦᠭᠡᠷ ᠲᠤ ᠤᠷᠤᠨ᠎ᠠ᠃ ᠶᠡᠭᠡ ᠬᠢᠩᠭᠠᠨ ᠲᠠᠪᠠᠭᠠᠨ ᠤ ᠵᠡᠬᠦᠨ ᠬᠤᠷᠮᠤᠢ ᠶᠢᠨ ᠶᠠᠭᠰᠢ ᠶᠢᠨ ᠬᠢᠯᠢ ᠳᠤᠳᠤᠷᠠᠬᠢ ᠴᠤᠤᠶᠦᠸᠠᠨ ᠪᠠᠯᠭᠠᠰᠤ ᠪᠤᠯᠤᠨ ᠦᠨᠦᠷ ᠪᠠᠯᠭᠠᠰᠤ ︵乌奴耳镇︶ ᠶᠢᠨ ᠠᠭᠤᠯᠵᠠᠭᠤᠷ ᠤᠨ 1369 ᠦᠨᠳᠦᠷ ᠤᠨ ᠦᠪᠦᠷ ᠠᠴᠠ ᠡᠬᠢ ᠠᠪᠴᠤ᠂ ᠵᠠᠯᠠᠶᠢᠳ ᠬᠤᠰᠢᠭᠤ᠂ ᠬᠠᠷᠠᠮᠦ᠋ᠷᠡᠨ ᠮᠤᠵᠢ ᠶᠢᠨ ᠯᠦᠩᠵᠢᠶᠠᠩ ᠰᠢᠶᠠᠨ᠂ ᠲᠠᠶᠢᠯᠠᠢ ᠰᠢᠶᠠᠨ ᠢ ᠲᠠᠭᠠᠷᠢᠵᠤ᠂ ᠲᠠᠶᠢᠯᠠᠢ ᠰᠢᠶᠠᠨ ᠤ ᠵᠢᠶᠠᠩᠴᠢᠶᠤᠤ ᠪᠠᠯᠭᠠᠰᠤᠨ ᠤ ᠪᠠᠷᠠᠭᠤᠨ ᠬᠤᠶᠢᠭᠤᠷ ᠨᠤᠨ ᠮᠦᠷᠡᠨ ᠳᠤ ᠨᠡᠶᠢᠯᠡᠨ᠎ᠡ᠃       ᠭᠠᠵᠠᠷ ᠵᠦᠢ ᠶᠢᠨ ᠪᠠᠶᠢᠷᠢᠰᠢᠯ ᠨᠢ ᠵᠡᠬᠦᠨ ᠤᠷᠳᠤᠷᠢᠭ ᠤᠨ 120。30、 — 123。40、᠂ ᠤᠮᠠᠷᠠᠳᠤ ᠦᠷᠭᠡᠷᠢᠭ ᠤᠨ 46。45、 —  48。 ᠲᠤ ᠤᠷᠤᠰᠢᠨ᠎ᠠ᠃
 
ᠢᠷᠡᠯᠲᠡ᠄ ᠲᠠᠪᠤᠨ ᠭᠤᠤᠯ ᠤᠨ ᠰᠤᠶᠤᠯ ᠵᠦᠢ ᠶᠢᠨ ᠪᠠᠶᠢᠴᠠᠭᠠᠯᠳᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号