1. ᠰᠠᠶᠢᠨ ᠡᠭᠦᠯᠳᠡᠷ ᠢ ᠰᠣᠩᠭᠤᠨ ᠬᠡᠷᠡᠭᠯᠡᠬᠦ ᠬᠡᠷᠡᠭᠲᠡᠢ᠃ ᠡᠩ ᠤᠨ ᠪᠠᠶᠢᠳᠠᠯ ᠳᠤ ᠬᠥᠷᠥᠰᠥᠨ ᠳᠤ | ᠨᠡᠯᠢᠶᠡᠳ ᠭᠦᠢᠬᠡᠨ ᠰᠠᠭᠤᠳᠠᠭ ᠡᠭᠦᠯᠳᠡᠷ ᠨᠢ ᠵᠡᠷᠡᠮᠳᠡᠭ ᠦᠨᠳᠦᠰᠦ ᠠᠮᠠᠷᠬᠠᠨ ᠡᠭᠦᠰᠬᠦ ᠦᠭᠡᠢ︔ ᠤᠰᠤᠨ ᠤ | ᠠᠭᠤᠯᠤᠭᠳᠠᠴᠠ ᠪᠠᠭ᠎ᠠ᠂ ᠨᠢᠭᠳᠠᠴᠠ ᠰᠠᠶᠢᠳᠠᠢ ᠡᠭᠦᠯᠳᠡᠷ ᠨᠢ ᠤᠭ ᠢᠶᠠᠷ ᠢᠶᠠᠨ ᠠᠮᠠᠷᠬᠠᠨ ᠬᠠᠭᠠᠷᠠᠬᠤ ᠦᠭᠡᠢ︔ | ᠴᠠᠭᠠᠨ ᠬᠠᠯᠢᠰᠤ ᠪᠤᠶᠤ ᠴᠠᠭᠠᠨ ᠨᠣᠭᠤᠭᠠᠨ ᠬᠠᠯᠢᠰᠤ ᠶᠢᠨ ᠡᠭᠦᠯᠳᠡᠷ ᠤᠨ ᠭᠤᠱᠤᠭᠤᠨ ᠠᠮᠲᠠ ᠪᠠ ᠭᠠᠰᠢᠭᠤᠨ | ᠠᠮᠲᠠ ᠨᠢ ᠨᠡᠯᠢᠶᠡᠳ ᠰᠤᠯᠠ ᠪᠠᠶᠢᠳᠠᠭ᠃ | 2. ᠲᠣᠬᠢᠷᠠᠮᠵᠢᠲᠠᠢ ᠭᠠᠵᠠᠷ ᠢ ᠰᠤᠩᠭᠤᠬᠤ ᠬᠡᠷᠡᠭᠲᠡᠢ᠃ ᠲᠠᠷᠢᠬᠤ ᠠᠴᠠ ᠪᠠᠨ ᠡᠮᠦᠨ᠎ᠡ᠂ ᠬᠥᠷᠥᠰᠥᠨ ᠤ | ᠳᠠᠪᠬᠤᠷᠭ᠎ᠠ ᠨᠢ ᠵᠤᠵᠠᠭᠠᠨ ᠭᠠᠵᠠᠷ ᠢ ᠰᠣᠩᠭᠤᠬᠤ ᠶᠢᠨ ᠬᠠᠮᠲᠤ ᠨᠠᠷᠢᠨ ᠨᠠᠷᠬ᠎ᠠ ᠪᠠᠷ ᠭᠦᠨ ᠲᠠᠷᠢᠵᠤ᠂ ᠬᠥᠷᠥᠰᠥ ᠶᠢ | ᠵᠥᠭᠡᠯᠡᠷᠡᠭᠦᠯᠦᠨᠡ᠃ | 3. ᠪᠣᠷᠳᠣᠭᠤᠷ ᠢ ᠰᠢᠨᠵᠢᠯᠡᠬᠦ ᠤᠬᠠᠭᠠᠨᠴᠢ ᠪᠠᠷ ᠨᠡᠮᠡᠵᠦ ᠣᠷᠤᠭᠤᠯᠬᠤ ᠬᠡᠷᠡᠭᠲᠡᠢ᠃ ᠬᠥᠷᠥᠰᠥᠨ ᠳᠤ | ᠣᠷᠣᠭᠤᠯᠬᠤ ᠣᠷᠭᠠᠨᠢᠭ ᠪᠣᠷᠳᠣᠭᠤᠷ ᠢ ᠡᠷᠬᠡᠪᠰᠢ ᠭᠦᠢᠴᠡᠳ ᠢᠯᠵᠢᠷᠡᠭᠦᠯᠦᠨ ᠪᠣᠯᠪᠠᠰᠤᠷᠠᠭᠤᠯᠬᠤ ᠮᠦᠷᠳᠡᠭᠡᠨ ᠵᠢᠭᠳᠡ | ᠰᠠᠴᠤᠬᠤ ᠶᠢᠨ ᠬᠠᠮᠲᠤ ᠹᠣᠰᠹᠣᠷ᠂ ᠺᠠᠯᠢ ᠶᠢᠨ ᠪᠣᠷᠳᠣᠭᠤᠷ ᠢ ᠵᠣᠬᠢᠬᠤ ᠬᠡᠮᠵᠢᠶ᠎ᠡ ᠪᠠᠷ ᠨᠡᠮᠡᠨ ᠣᠷᠣᠭᠤᠯᠵᠤ᠂ ᠳᠠᠩ | ᠭᠠᠭᠴᠠ ᠶᠡᠭᠡ ᠬᠡᠮᠵᠢᠶᠡᠨ ᠤ ᠠᠽᠣᠲ ᠪᠣᠷᠳᠣᠭᠤᠷ ᠢ ᠬᠡᠷᠡᠭᠯᠡᠬᠦ ᠠᠴᠠ ᠰᠡᠷᠭᠡᠶᠢᠯᠡᠬᠦ ᠬᠡᠷᠡᠭᠲᠡᠢ︔ ᠵᠢᠯ ᠳᠠᠷᠠᠭᠠᠯᠠᠨ | ᠭᠤᠤᠯ ᠠᠴᠠ ᠪᠠᠨ ᠬᠠᠩᠰᠠᠷᠠᠬᠤ ᠪᠠᠶᠢᠳᠠᠯ ᠢᠯᠡᠷᠡᠭᠰᠡᠨ ᠭᠠᠵᠠᠷ ᠲᠤ ᠭᠠᠵᠠᠷ ᠲᠡᠭᠰᠢᠯᠡᠬᠦ ᠳᠤ ᠮᠦ ᠳᠤ 0.5~1 | ᠺᠢᠯᠣᠭ᠍ᠷᠠᠮ ᠪᠤᠷ ᠤᠨ ᠬᠦᠴᠢᠯ ᠪᠤᠶᠤ ᠪᠤᠷ ᠤᠨ ᠡᠯᠡᠰᠦ᠂ 0.2~0.5% ᠶᠢᠨ ᠪᠤᠷ ᠤᠨ ᠡᠯᠡᠰᠦ ᠶᠢ ᠪᠤᠷ ᠤᠨ | ᠬᠦᠴᠢᠯ ᠤᠨ ᠠᠭᠤᠰᠤᠮᠠᠯ ᠤᠨ ᠨᠠᠪᠴᠢᠨ ᠤ ᠭᠠᠳᠠᠷᠭᠤ ᠳᠤ ᠰᠦᠷᠴᠢᠵᠦ᠂ 3~4 ᠡᠳᠦᠷ ᠲᠤ ᠨᠢᠭᠡ ᠤᠳᠠᠭ᠎ᠠ | ᠰᠦᠷᠴᠢᠵᠦ᠂ ᠦᠷᠭᠦᠯᠵᠢᠯᠡᠨ 3~4 ᠤᠳᠠᠭ᠎ᠠ ᠰᠦᠷᠴᠢᠨ᠎ᠡ᠃ | 4. ᠵᠦᠢ ᠵᠣᠬᠢᠰᠲᠠᠢ ᠤᠰᠤᠯᠠᠬᠤ ᠬᠡᠷᠡᠭᠲᠡᠢ᠃ ᠭᠡᠨᠡᠳᠲᠡ ᠬᠠᠳᠠᠬᠤ ᠭᠡᠨᠡᠳᠲᠡ ᠨᠣᠷᠬᠤ ᠪᠤᠶᠤ ᠬᠡᠲᠦ ᠬᠠᠳᠠᠬᠤ | ᠬᠡᠲᠦ ᠨᠣᠷᠬᠤ ᠶᠢ ᠰᠡᠷᠭᠡᠶᠢᠯᠡᠨ᠎ᠡ᠃ |