ᠪᠤᠷᠭᠠᠰᠤᠨ ᠬᠦᠷᠤᠮᠠᠯ ᠨᠢ ᠲᠤᠰᠬᠤᠨ ᠤ ᠠᠷᠠᠳ ᠤᠨ ᠤᠷᠤᠯᠭ᠎ᠠ ᠶᠢ ᠨᠡᠮᠡᠭᠳᠡᠬᠦᠯᠬᠦ ᠰᠢᠨ᠎ᠠ ᠵᠠᠮ ᠪᠤᠯᠤᠯ᠎ᠠ
ᠨᠡᠶᠢᠲᠡᠯᠡᠭᠰᠡᠨ ᠴᠠᠭ᠄
2024/4/11
    ᠵᠠᠯᠠᠶᠢᠳ ᠬᠤᠰᠢᠭᠤᠨ ᠤ ᠨᠤᠨᠮᠦ᠋ᠷᠠᠨ ᠰᠢᠶᠠᠩ ᠤᠯᠠᠮᠵᠢᠯᠠᠯᠳᠤ ᠡᠬᠢ ᠪᠠᠶᠠᠯᠢᠭ ᠢ ᠬᠦᠢᠴᠡᠳ ᠠᠭᠤᠳᠠᠯᠯᠠᠨ᠂ ᠪᠤᠷᠭᠠᠰᠤᠨ ᠬᠦᠷᠤᠮᠠᠯ ᠤᠨ ᠲᠤᠰᠬᠠᠢ ᠬᠤᠷᠰᠢᠶ᠎ᠠ ᠪᠠᠶᠢᠭᠤᠯᠵᠤ᠂ ᠪᠤᠷᠭᠠᠰᠤᠨ ᠬᠦᠷᠤᠮᠠᠯ ᠤᠨ ᠪᠤᠳᠠᠰ ᠤᠨ ᠪᠤᠰᠤ ᠰᠤᠶᠤᠯ ᠤᠨ ᠤᠷ᠎ᠠ ᠮᠡᠷᠭᠡᠵᠢᠯ ᠢ ᠦᠢᠯᠡᠳᠪᠤᠷᠢᠯᠡᠯ ᠤᠨ ᠬᠦᠴᠤᠨ ᠪᠤᠯᠭᠠᠨ ᠬᠤᠪᠢᠷᠠᠭᠤᠯᠵᠦ᠂ ᠲᠤᠰᠬᠤᠨ ᠤ ᠠᠷᠠᠳ ᠤᠨ ᠲᠤᠮᠳᠠᠳᠤ ᠶᠢᠨ ᠰᠤᠶᠤᠯ ᠢ ᠤᠯᠠᠮᠵᠢᠯᠠᠬᠤ ᠪᠠ ᠪᠠᠳᠠᠷᠠᠭᠤᠯᠬᠤ ᠶᠢ ᠲᠠᠶᠢᠴᠢᠯᠠᠵᠤ᠂ ᠤᠷᠤᠯᠭ᠎ᠠ ᠪᠠᠨ ᠨᠡᠮᠡᠭᠳᠡᠬᠦᠯᠬᠦ ᠰᠢᠨ᠎ᠠ ᠵᠠᠮ ᠢᠶᠠᠷ ᠬᠦᠳᠤᠯᠵᠠᠢ᠃      ᠲᠤᠰᠬᠤᠨ ᠤ ᠠᠷᠠᠳ ᠰᠢᠥᠢ ᠵᠢᠩ ᠫᠢᠩ ᠨᠠᠷ ᠨᠤᠨᠮᠦ᠋ᠷᠠᠨ ᠰᠢᠶᠠᠩ ᠤᠨ ᠪᠤᠷᠭᠠᠰᠤᠨ ᠬᠦᠷᠤᠮᠠᠯ ᠤᠨ ᠲᠤᠰᠬᠠᠢ ᠬᠤᠷᠰᠢᠶᠠᠨ ᠳᠠᠭᠠᠨ ᠭᠤᠶᠢᠳᠠ ᠰᠠᠶᠢᠬᠠᠨ ᠭᠠᠷ ᠤᠷᠠᠯᠠᠯ ᠵᠤᠬᠢᠶᠠᠨ᠎ᠠ᠃ ᠲᠡᠬᠦᠨ ᠤ ᠲᠠᠨᠢᠯᠴᠠᠭᠤᠯᠬᠤ ᠪᠠᠷ᠂ ᠲᠡᠭᠡᠷ᠎ᠠ ᠵᠠᠭᠤᠨ ᠤ ᠨᠠᠶᠠᠭᠠᠳ ᠤᠨ ᠤ ᠦᠶ᠎ᠠ ᠪᠠᠷ ᠲᠡᠷᠠ ᠪᠤᠷᠭᠠᠰᠤᠨ ᠬᠦᠷᠤᠮᠠᠯ ᠬᠢᠵᠤ᠂ 2021 ᠤᠨ ᠳᠤ᠂ ᠲᠤᠰᠬᠤᠨ ᠠᠴᠠ ᠪᠤᠷᠭᠠᠰᠤᠨ ᠬᠦᠷᠤᠮᠠᠯ ᠤᠨ ᠦᠢᠯᠡᠳᠪᠤᠷᠢ ᠶᠢᠨ ᠲᠠᠰᠤᠭ ᠪᠠᠶᠢᠭᠤᠯᠵᠠᠢ᠃ ᠡᠭᠦᠨ ᠳᠤ ᠲᠡᠷᠡ ᠲᠠᠬᠢᠨ ᠤᠤᠯ ᠤᠨ ᠰᠤᠷᠤᠭᠰᠠᠨ ᠪᠤᠷᠭᠠᠰᠤᠨ ᠬᠦᠷᠤᠮᠠᠯ ᠢᠶᠠᠨ ᠡᠯᠭᠦᠯ᠎ᠠ᠃ ᠬᠤᠷᠰᠢᠶ᠎ᠠ ᠨᠢ ᠪᠤᠷᠭᠠᠰᠤᠨ ᠬᠦᠷᠤᠮᠠᠯ ᠤᠨ ᠶᠡᠭᠡ ᠪᠠᠭ᠎ᠠ ᠪᠠᠷ 7 — 10 ᠲᠦᠬᠦᠷᠢᠭ ᠤᠨ ᠠᠳᠠᠯᠢ ᠪᠤᠰᠤ ᠦᠨ᠎ᠠ ᠪᠠᠷ ᠪᠡᠯᠡ ᠮᠦᠩᠬᠦ ᠦᠭᠴᠤ᠂ ᠨᠢᠭᠡ ᠬᠦᠮᠤᠨ ᠡᠳᠤᠷ ᠲᠤ 7 — 8 ᠦᠢᠯᠡᠳᠬᠦᠨ ᠵᠤᠬᠢᠶᠠᠵᠤ ᠲᠡᠶᠢᠯᠤᠨ᠎ᠠ᠃     ︽ᠪᠤᠷᠭᠠᠰᠤᠨ ᠬᠦᠷᠤᠮᠠᠯ ᠬᠦᠷᠦᠵᠦ ᠡᠳᠤᠷ ᠲᠤ ᠵᠠᠭᠤ ᠰᠢᠬᠠᠮ ᠲᠦᠬᠦᠷᠢᠭ ᠤᠯᠵᠤ᠂ ᠭᠡᠷ ᠤᠨ ᠢᠶᠠᠨ ᠤᠷᠤᠯᠭ᠎ᠠ ᠶᠢ ᠪᠠᠭ᠎ᠠ ᠴᠤ ᠭᠡᠰᠡᠨ ᠨᠡᠮᠡᠭᠳᠡᠬᠦᠯᠤᠨ᠂ ᠬᠤᠭᠤᠯᠠ ᠪᠠᠯᠡᠳᠭᠡᠬᠦ᠂ ᠭᠠᠭ᠋ᠠᠢ ᠲᠡᠵᠢᠭᠡᠬᠦ ᠵᠡᠷᠭᠡ ᠠᠵᠢᠯ ᠢᠶᠠᠨ ᠴᠤ ᠰᠠᠭᠠᠳᠠᠭᠠᠬᠤ ᠦᠭᠡᠢ᠂ ᠶᠠᠭᠠᠷᠠᠥ ᠦᠶ᠎ᠠ ᠳᠤ ᠪᠠᠰᠠ ᠲᠠᠷᠢᠶ᠎ᠠ ᠪᠠᠨ ᠲᠠᠷᠢᠴᠢᠬᠠᠨ᠎ᠠ︾ ᠭᠡᠵᠤ ᠨᠤᠨᠮᠦ᠋ᠷᠠᠨ ᠰᠢᠶᠠᠩ ᠤᠨ ᠲᠤᠰᠬᠤᠨ ᠤ ᠠᠷᠠᠳ ᠰᠢᠣᠢ ᠵᠢᠩ ᠫᠢᠩ ᠶᠠᠷᠢᠨ᠎ᠠ᠃     ᠦᠢᠯᠡᠳᠪᠤᠷᠢ ᠶᠢᠨ ᠲᠠᠰᠤᠭ ᠨᠢ ᠠᠭᠠᠵᠢᠮ ᠢᠶᠠᠷ ᠦᠷᠭᠡᠵᠢᠭᠰᠡᠨ ᠠᠴᠠ ᠬᠦᠮᠤᠰ ᠪᠤᠷᠭᠠᠰᠤᠨ ᠬᠦᠷᠤᠮᠠᠯ ᠢᠶᠠᠷ ᠪᠠᠶᠠᠵᠢᠯ ᠤᠨ ᠵᠠᠮ ᠪᠤᠯᠭᠠᠪᠠ᠃ ᠨᠢᠳᠤᠨᠤᠨ ᠨᠤᠨᠮᠦ᠋ᠷᠠᠨ ᠰᠢᠶᠠᠩ ᠪᠤᠷᠭᠠᠰᠤᠨ ᠬᠦᠷᠤᠮᠠᠯ ᠤᠨ ᠲᠤᠰᠬᠠᠢ ᠬᠤᠷᠰᠢᠶ᠎ᠠ ᠶᠢ ᠵᠢᠩᠬᠢᠨᠢ ᠪᠠᠷ ᠪᠠᠶᠢᠭᠤᠯᠵᠤ᠂ ᠲᠤᠰᠬᠤᠨ ᠤ ᠠᠷᠠᠳ ᠲᠤ ᠪᠤᠷᠭᠠᠰᠤᠨ ᠬᠦᠷᠤᠮᠠᠯ ᠵᠤᠬᠢᠶᠠᠬᠤ ᠲᠤᠰᠬᠠᠢ ᠲᠠᠯᠠᠪᠠᠢ ᠬᠠᠩᠭᠠᠵᠠᠢ᠃     ︽ᠪᠢᠳᠠᠨ ᠤ ᠡᠳᠡᠭᠡᠷ ᠦᠢᠯᠡᠳᠬᠦᠨ ᠪᠤᠯ ᠪᠦᠷ ᠤᠯᠤᠰ ᠤᠨ ᠲᠤᠳᠤᠭᠠᠳᠤ ᠭᠠᠳᠠᠭᠠᠳᠤ ᠳᠤ ᠪᠤᠷᠤᠯᠠᠭᠤᠯᠤᠬᠳᠠᠵᠤ ᠂  ᠮᠠᠲ᠋ᠧᠷᠢᠶᠠᠯ ᠨᠢ ᠪᠤᠬᠢᠷᠳᠤᠯ ᠦᠭᠡᠢ᠂ ᠲᠤᠮᠤ ᠬᠡᠯᠪᠡᠷᠢ ᠶᠢᠨ ᠦᠢᠯᠡᠳᠬᠦᠨ ᠢ ᠲᠤᠰᠬᠠᠢ ᠮᠡᠷᠭᠡᠵᠢᠯ ᠲᠠᠢ ᠬᠦᠮᠦᠨ ᠲᠦᠯᠤᠪᠯᠡᠭᠰᠡᠨ ᠠᠴᠠ ᠪᠢᠳᠠᠨ ᠤ ᠦᠢᠯᠡᠳᠬᠦᠨ ᠤ ᠲᠦᠷᠤᠯ ᠵᠦᠢᠯ ᠠᠷᠪᠢᠨ᠂ ᠨᠠᠷᠢᠯᠢᠭ ᠬᠢᠴᠡᠳᠠᠢ︾ ᠭᠡᠵᠤ ᠵᠠᠯᠠᠶᠢᠳ ᠬᠤᠰᠢᠭᠤᠨ ᠤ ᠪᠤᠷᠭᠠᠰᠤᠨ ᠬᠦᠷᠤᠮᠠᠯ ᠤᠨ ᠲᠤᠰᠬᠠᠢ ᠬᠤᠷᠰᠢᠶ᠎ᠠ ᠶᠢᠨ ᠬᠠᠷᠢᠭᠤᠴᠠᠯᠭᠠᠳᠠᠨ ᠯᠢ ᠹᠧᠩ ᠵᠢᠩ ᠶᠠᠷᠢᠨ᠎ᠠ᠃ ᠴᠡᠯᠮᠡᠭ   ᠰᠢᠣᠸᠠᠢ ᠴᠢᠩ ᠰᠡᠬᠦᠳᠡᠷᠯᠡᠨ ᠮᠡᠳᠡᠭᠡᠯᠡᠪᠡ     ↑ ᠵᠢᠷᠤᠭ ᠲᠤ᠂ ᠪᠤᠷᠭᠠᠰᠤᠨ ᠬᠦᠷᠤᠮᠡᠯ ᠬᠦᠷᠦᠵᠦ ᠪᠤᠢ᠃
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号