ᠵᠠᠯᠠᠶᠢᠳ ᠤᠨ ᠠᠭᠤᠯᠠ ᠤᠰᠤ — ᠡᠯᠴᠢᠨ ᠰᠠᠶᠢᠳ ᠠᠭᠤᠯᠠ
ᠨᠡᠶᠢᠲᠡᠯᠡᠭᠰᠡᠨ ᠴᠠᠭ᠄
2024/3/11
      ᠡᠯᠴᠢᠨ ᠰᠠᠶᠢᠳ ᠠᠭᠤᠯᠠ ᠠᠷᠤ ᠪᠠᠷ ᠢᠶᠠᠨ ᠠᠯᠳᠠᠷᠳᠤ ᠰᠤᠮᠤ ᠶᠢᠨ ᠳᠡᠮᠡᠭᠡᠨ ᠭᠤᠤᠯ᠂ ᠱᠠᠭᠠᠷᠭᠠᠳᠠᠢ ᠠᠶᠢᠯ  ᠢᠶᠠᠷ ᠲᠦᠰᠢᠯᠭᠡ ᠪᠤᠯᠭᠠᠵᠤ᠂ ᠡᠮᠦᠨ᠎ᠡ ᠲᠠᠯ᠎ᠠ ᠪᠠᠷ ᠢᠶᠠᠨ ᠬᠦᠷᠡᠯ ᠪᠠᠶᠢᠭᠠᠰᠤᠨ ᠤ ᠲᠦᠪ ᠰᠢᠪᠠᠷᠳᠠᠢ ᠠᠶᠢᠯ ᠪᠠ ᠴᠠᠭᠠᠨ ᠵᠢᠷᠤᠬᠡ ᠠᠶᠢᠯ ᠲᠠᠢ ᠬᠢᠯᠢᠯᠡᠵᠦ᠂ ᠵᠡᠬᠦᠨ ᠲᠠᠯ᠎ᠠ ᠪᠠᠷ ᠢᠶᠠᠨ ᠮᠤᠯᠤᠷ ᠤᠨ ᠠᠶᠢᠯ ᠲᠠᠢ ᠬᠦᠷᠰᠢᠯᠡᠵᠦ᠂ ᠪᠠᠷᠠᠭᠤᠨ ᠲᠠᠯ᠎ᠠ  ᠪᠠᠷ ᠲᠤᠮᠤᠷ ᠠᠶᠢᠯ ᠲᠠᠢ ᠵᠡᠷᠭᠡᠯᠡᠵᠦ ᠪᠤᠢ᠃     ᠲᠤᠰ ᠠᠭᠤᠯᠠ ᠵᠡᠭᠦᠨ ᠤᠷᠳᠤᠷᠢᠭ ᠤᠨ 120。11、 ᠤᠮᠠᠷᠠᠳᠤ ᠦᠷᠭᠡᠷᠢᠭ ᠤᠨ 46。41、 ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ ᠳᠡᠭᠡᠭᠰᠢ 659.2 ᠮᠧᠲᠷ ᠡᠷᠭᠦᠭᠳᠡᠵᠦ᠂ ᠪᠦᠬᠦ ᠤᠷᠳᠤ ᠨᠢ 4 ᠺᠢᠯᠤᠮᠧᠲᠷ᠂ ᠶᠡᠭᠡ ᠲᠦᠯᠦᠪ ᠵᠡᠭᠦᠨᠰᠢ ᠪᠠᠷᠠᠭᠤᠨᠰᠢ ᠴᠢᠭᠯᠡᠯ ᠲᠠᠢ᠃     ᠡᠯᠴᠢᠨ ᠰᠠᠶᠢᠳ ᠠᠭᠤᠯᠠ ᠴᠠᠷᠠᠰᠤᠨ ᠮᠤᠳᠤ᠂ ᠰᠠᠯᠠ ᠮᠤᠳᠤ᠂ ᠬᠤᠰᠤ ᠮᠤᠳᠤ ᠁ ᠪᠠᠷ ᠦᠪᠴᠢ ᠪᠡᠶ᠎ᠡ  ᠪᠠᠨ ᠬᠤᠴᠢᠵᠤ᠂ ᠪᠠᠶᠢᠭᠠᠯᠢᠯᠢᠭ ᠠᠭᠤᠢ ᠪᠠᠷ ᠬᠦᠮᠦᠰ ᠤᠨ ᠰᠤᠨᠢᠷᠬᠠᠯ ᠢ ᠳᠠᠳᠠᠵᠤ ᠪᠠᠶᠢᠳᠠᠭ᠃ ᠭᠦᠷᠦᠭᠡᠰᠦ᠂ ᠬᠡᠬᠡᠷ᠎ᠡ  ᠶᠢᠨ ᠭᠠᠭ᠋ᠠᠢ᠂ ᠭᠤᠷᠭᠤᠤᠯ ᠵᠡᠷᠭᠡ ᠠᠷᠢᠶᠠᠳᠠᠨ ᠵᠢᠭᠦᠷᠳᠡᠨ ᠤ ᠠᠮᠤᠷᠯᠢᠩᠭᠤᠢ ᠰᠠᠭᠤᠴᠠ ᠪᠤᠯᠵᠤ᠂ ᠬᠦᠮᠦᠨ ᠠᠷᠠᠳ ᠤᠨ  ᠢᠶᠠᠨ ᠰᠦᠰᠦᠭ ᠪᠢᠰᠢᠷᠡᠯ ᠢ ᠤᠯᠤᠭᠰᠠᠭᠠᠷ ᠢᠷᠡᠵᠡᠢ᠃
 
ᠢᠷᠡᠯᠲᠡ᠄ ︽ᠵᠠᠯᠠᠶᠢᠷ ᠰᠤᠶᠤᠯ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号