| ᠰᠡᠳᠬᠢᠴᠠ ᠶᠢᠨ ᠡᠷᠡᠬᠦᠯ ᠮᠠᠨᠳᠤ ᠬᠡᠳᠡᠭ ᠪᠤᠯ ᠬᠤᠪᠢ ᠬᠦᠮᠤᠨ ᠤ ᠦᠪᠡᠷ ᠢ ᠪᠠᠨ ᠵᠤᠬᠢᠰᠳᠠᠢ ᠦᠨᠡᠯᠡᠵᠤ᠂ | ᠡᠳᠤᠷ ᠳᠤᠳᠤᠮ ᠤᠨ ᠠᠮᠢᠳᠤᠷᠠᠯ ᠳᠤᠮᠳᠡᠬᠢ ᠲᠠᠷᠤᠭᠠᠰᠤ ᠪᠠᠨ ᠠᠷᠭᠠᠴᠠᠨ ᠪᠦᠳᠤᠮᠵᠢᠳᠡᠢ ᠠᠵᠢᠯᠯᠠᠵᠤ ᠰᠤᠷᠤᠯᠴᠠᠵᠤ᠂ | ᠬᠡᠷ ᠪᠦᠯᠢ ᠪᠠ ᠨᠡᠶᠢᠬᠡᠮ ᠳᠤ ᠵᠤᠬᠢᠬᠤ ᠬᠤᠪᠢ ᠨᠡᠮᠡᠷᠢ ᠦᠵᠡᠬᠦᠯᠬᠦ ᠨᠢᠬᠡ ᠵᠦᠢᠯ ᠤᠨ ᠰᠠᠶᠢᠨ ᠰᠠᠶᠢᠬᠠᠨ ᠪᠠᠶᠢᠳᠠᠯ ᠢ | ᠬᠡᠯᠡᠨ᠎ᠠ᠂ ᠭᠤᠤᠯᠳᠠᠭᠤ᠄ ᠤᠶᠤᠨ ᠤᠬᠠᠭᠠᠨ ᠡᠷᠡᠬᠦᠯ᠂ ᠤᠷᠮ᠎ᠠ ᠵᠤᠷᠢᠬ ᠳᠤᠭᠳᠠᠭᠤᠨ᠂ ᠰᠡᠳᠬᠢᠬᠦᠢ ᠪᠡ ᠠᠵᠢᠯᠯᠠᠭ᠎ᠠ | ᠨᠢᠬᠡᠳᠤᠯᠳᠠᠢ᠂ ᠬᠦᠮᠤᠰ ᠤᠨ ᠬᠤᠭᠤᠷᠤᠨᠳᠤᠬᠢ ᠬᠠᠷᠢᠴᠠᠭ᠎ᠠ ᠡᠶ᠎ᠡ ᠡᠪᠳᠡᠢ᠂ ᠳᠤᠬᠢᠷᠠᠬᠤ ᠴᠢᠳᠠᠪᠤᠷᠢ ᠪᠠᠷ ᠰᠠᠶᠢᠨ ᠵᠡᠷᠬᠡ | ᠦᠪᠡᠷᠮᠢᠴᠠ ᠤᠨᠴᠠᠯᠢᠬ ᠲᠠᠢ᠃ | ᠰᠠᠳᠬᠢᠴᠠ ᠶᠢᠨ ᠡᠷᠡᠬᠦᠯ ᠮᠡᠨᠳᠤ ᠠᠳᠠᠯᠢᠬᠠᠨ ᠴᠢᠬᠤᠯᠠ ᠪᠠᠶᠢᠳᠠᠭ᠃ ᠲᠠᠷᠠ ᠨᠢ ᠠᠮᠢᠳᠤ ᠪᠤᠳᠠᠰ᠂ ᠰᠡᠳᠬᠢᠴᠠ | ᠪᠠ ᠨᠠᠶᠢᠬᠡᠮ ᠵᠡᠷᠬᠡ ᠬᠠᠷᠢᠯᠴᠠᠨ ᠤᠶᠢᠯᠠᠳᠤᠯ ᠦᠵᠡᠬᠦᠯᠬᠦ ᠡᠯᠧᠮᠧᠨ᠋ᠲ ᠢᠶᠠᠷ ᠰᠶᠢᠳᠪᠤᠷᠢᠯᠡᠭᠳᠡᠨᠠ᠄ ᠨᠠᠰᠤ ᠵᠢᠯ᠂ | ᠬᠦᠢᠰᠤ ᠶᠢᠨ ᠢᠯᠭᠠᠯ᠂ ᠤᠳᠤᠮᠰᠢᠯ᠂ ᠲᠦᠷᠤᠬᠦ ᠠᠴᠠ ᠡᠮᠤᠨ᠎ᠠ ᠪᠠ ᠲᠦᠷᠦᠭᠰᠡᠡ ᠤ ᠲᠠᠷᠠᠭᠠᠬᠢ ᠪᠤᠶᠢᠵᠢᠯᠳᠠ ᠶᠢᠨ | ᠪᠠᠶᠢᠳᠠᠯ᠂ ᠪᠠᠶ᠎ᠠ ᠮᠠᠬᠠᠪᠤᠳ ᠤᠨ ᠡᠪᠡᠳᠴᠢᠨ ᠪᠤᠯᠤᠨ ᠰᠢᠨᠤᠯ ᠳᠤ ᠤᠷᠤᠭᠤᠯᠬᠤ ᠪᠤᠳᠠᠰ ᠵᠡᠷᠬᠡ ᠠᠮᠢᠳᠤ ᠪᠤᠳᠠᠰ ᠤᠨ | ᠡᠯᠧᠮᠧᠨ᠋ᠲ︔ ᠦᠪᠡᠷᠮᠢᠴᠠ ᠤᠨᠴᠠᠯᠢᠬ᠂ ᠬᠡᠷᠡᠭ ᠪᠤᠳᠠᠰ ᠤᠨ ᠳᠤᠬᠠᠢ ᠦᠵᠡᠯᠳᠡ᠂ ᠬᠡᠷᠡᠭ ᠶᠠᠪᠤᠳᠠᠯ ᠢ ᠰᠶᠢᠳᠪᠤᠷᠢᠯᠡᠬᠦ | ᠠᠷᠭ᠎ᠠ ᠬᠡᠯᠪᠡᠷᠢ ᠪᠤᠯᠤᠨ ᠤᠷᠮ᠎ᠠ ᠵᠤᠷᠢᠬ ᠵᠡᠷᠬᠡ ᠰᠡᠳᠬᠢᠴᠠ ᠶᠢᠨ ᠡᠯᠧᠮᠧᠨ᠋ᠲ︔ ᠡᠬᠦᠨ ᠠᠴᠠ ᠭᠠᠳᠠᠨ᠎ᠠ ᠡᠳᠤᠷ | ᠳᠤᠳᠤᠮ ᠤᠨ ᠠᠮᠢᠳᠤᠷᠠᠯ ᠳᠤᠮᠳᠡᠬᠢ ᠰᠠᠨᠠᠭᠠᠨ ᠳᠤ ᠦᠬᠡᠢ ᠡ᠊ᠨᠳᠡᠭᠳᠡᠯ ᠪᠤᠯᠤᠨ ᠮᠠᠭᠤ ᠬᠡᠷᠡᠭ᠂ ᠬᠡᠷ ᠪᠦᠯᠢ ᠪᠤᠯᠤᠨ | ᠨᠡᠶᠢᠬᠡᠮ ᠤᠨ ᠲᠡᠮᠵᠢᠯᠬᠡ᠂ ᠰᠤᠶᠤᠯ᠂ ᠤᠷᠴᠢᠨ ᠳᠤᠭᠤᠷᠢᠨ ᠵᠡᠷᠬᠡ ᠨᠡᠶᠢᠬᠡᠮ ᠤᠨ ᠡᠯᠧᠮᠧᠨ᠋ᠲ ᠢᠶᠠᠷ ᠰᠶᠢᠳᠪᠤᠷᠢᠯᠡᠭᠳᠡᠨᠠ | ᠃ | ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠲᠦᠬᠡᠮᠡᠯ ᠤᠷᠤᠰᠢᠳᠠᠭ᠃ ᠬᠦᠮᠤᠨ ᠪᠦᠷᠢ ᠨᠢᠬᠡ | ᠨᠠᠰᠤᠨ ᠳᠠᠭᠠᠨ ᠤᠯᠠᠨ ᠠᠷᠪᠢᠨ ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠳᠤᠬᠢᠶᠠᠯᠳᠤᠳᠠᠭ ᠪᠤᠯᠪᠠᠴᠤ | ᠦᠪᠡᠷ ᠤᠨ ᠤᠬᠠᠮᠰᠠᠷ ᠠᠴᠠ ᠪᠠᠨ ᠮᠡᠳᠡᠵᠤ ᠲᠡᠶᠢᠯᠬᠦ ᠦᠬᠡᠢ᠃ 0 — 3 ᠨᠠᠰᠤᠨ ᠤ ᠨᠢᠯᠬ᠎ᠠ ᠬᠡᠤᠬᠡᠳ ᠲᠤ | ᠦᠷᠬᠦᠯᠵᠢ ᠳᠤᠬᠢᠶᠠᠯᠳᠤᠳᠠᠭ ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠪᠤᠯ ᠦᠰᠬᠡᠨ ᠪᠤᠶᠢᠵᠢᠭᠤᠯᠬᠤ | ᠠᠷᠭ᠎ᠠ ᠬᠡᠯᠪᠡᠷᠢ ᠶᠢᠨ ᠳᠤᠬᠢᠷᠠᠮᠵᠢ ᠦᠬᠡᠢ ᠠᠴᠠ ᠪᠤᠯᠤᠭᠰᠠᠠ ᠦᠬᠡ ᠬᠡᠯᠡᠨ ᠤ ᠴᠢᠳᠠᠪᠤᠷᠢ ᠰᠠᠶᠢᠨ ᠪᠢᠰᠢ᠂ | ᠪᠤᠰᠤᠳ ᠲᠠᠢ ᠬᠠᠷᠢᠯᠴᠠᠬᠤ ᠴᠢᠳᠠᠪᠤᠷᠢ ᠳᠤᠷᠤᠢ ᠪᠤᠯᠤᠨ ᠠᠭᠠᠰᠢ ᠵᠠᠩ ᠮᠠᠭᠤ ᠵᠡᠷᠬᠡ ᠦᠵᠡᠭᠳᠡᠯ ᠤᠷᠤᠰᠢᠳᠠᠭ᠃ 4 | — 6 ᠨᠠᠰᠤᠨ ᠤ ᠰᠤᠷᠭᠠᠭᠤᠯᠢ ᠶᠢᠨ ᠨᠠᠰᠤᠨ ᠠᠴᠠ ᠡᠮᠤᠨᠡᠬᠢ ᠬᠡᠤᠬᠡᠳ ᠲᠤ ᠦᠷᠬᠦᠯᠵᠢ ᠳᠤᠬᠢᠶᠠᠯᠳᠤᠬᠤ | ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠪᠤᠯ ᠬᠡᠷ ᠤᠨ ᠬᠦᠮᠤᠰ ᠲᠡᠭᠡᠨ ᠨᠠᠶᠢᠳᠠᠬᠤ᠂ ᠬᠠᠨᠢ | ᠨᠦᠬᠦᠳ ᠲᠠᠢ ᠪᠠᠨ ᠬᠠᠷᠢᠯᠴᠠᠬᠤ ᠳᠤ ᠬᠦᠴᠢᠷ ᠲᠠᠢ ᠪᠠᠶᠢᠬᠤ ᠶᠠᠪᠤᠳᠠᠯ ᠪᠤᠯᠬᠤ ᠶᠤᠮ᠃ ᠡᠳᠡᠬᠡᠷ ᠠᠰᠠᠭᠤᠳᠠᠯ ᠢ | ᠰᠠᠶᠢᠳᠤᠷ ᠰᠶᠢᠳᠪᠤᠷᠢᠯᠡᠬᠦ ᠦᠬᠡᠢ ᠪᠤᠯ ᠬᠡᠤᠬᠡᠳ ᠴᠡᠴᠡᠷᠯᠢᠭ ᠲᠤ ᠰᠠᠭᠤᠬᠤ ᠶᠢ ᠲᠠᠪᠴᠢᠬᠦ ᠪᠤᠶᠤ ᠡᠳᠡᠬᠡᠳ ᠰᠤᠨᠢᠨ | ᠵᠠᠩ ᠲᠠᠢ᠂ ᠪᠤᠰᠤᠳ ᠲᠠᠢ ᠲᠠᠭᠠᠷᠠᠯᠴᠠᠬᠤ ᠦᠬᠡᠢ ᠪᠤᠯᠳᠠᠭ᠃ 7 — 12 ᠨᠠᠰᠤ ᠲᠠᠢ ᠪᠠᠭ᠎ᠠ ᠰᠤᠷᠭᠠᠭᠤᠯᠢ ᠶᠢᠨ | ᠬᠡᠤᠬᠡᠳ ᠪᠤᠯᠤᠨ 13 — 18 ᠨᠠᠰᠤᠨ ᠤ ᠪᠠᠭᠠᠴᠤᠤᠯ ᠤᠨ ᠦᠷᠬᠦᠯᠵᠢ ᠳᠤᠬᠢᠶᠠᠯᠳᠤᠬᠤ ᠰᠡᠳᠬᠢᠴᠠ ᠶᠢᠨ ᠡᠷᠡᠬᠦᠯ | ᠬᠠᠮᠠᠭᠠᠯᠠᠯ ᠤᠨ ᠠᠰᠠᠭᠤᠳᠠᠯ ᠪᠤᠯ ᠰᠤᠷᠤᠯᠴᠠᠬᠤ ᠠᠰᠠᠭᠤᠳᠠᠯ ︵ᠵᠢᠱᠢᠶᠠᠯᠠᠪᠠᠯ ᠰᠢᠯᠭᠠᠯᠳᠠ ᠠᠴᠠ ᠠᠶᠤᠬᠤ᠂ | ᠰᠤᠷᠤᠯᠴᠠᠬᠤ ᠳᠤᠷ᠎ᠠ ᠦᠬᠡᠢ ᠪᠤᠯᠬᠤ︶᠂ ᠬᠦᠮᠤᠨ ᠤ ᠬᠤᠭᠤᠷᠤᠨᠳᠤᠬᠢ ᠬᠠᠷᠢᠴᠠᠭᠠᠨ ᠤ ᠠᠰᠠᠭᠤᠳᠠᠯ ︵ᠵᠢᠱᠢᠶᠠᠯᠡᠪᠡᠯ | ᠰᠤᠷᠭᠠᠭᠤᠯᠢ ᠶᠢᠨ ᠤᠷᠴᠢᠨ ᠳᠤᠭᠤᠷᠢᠨ ᠳᠤ ᠲᠠᠳᠬᠤ ᠦᠬᠡᠢ᠂ ᠰᠤᠷᠤᠯᠭ᠎ᠠ ᠠᠴᠠ ᠳᠤᠳᠠᠭᠠᠬᠤ︶᠂ ᠤᠷᠮ᠎ᠠ | ᠵᠤᠷᠢᠬ ᠤᠨ ᠠᠰᠠᠭᠤᠳᠠᠯ᠂ ᠪᠡᠯᠬᠡ ᠶᠢᠨ ᠰᠡᠳᠬᠢᠴᠠ ᠶᠢᠨ ᠪᠤᠶᠢᠵᠢᠯᠳᠠ ᠶᠢᠨ ᠠᠰᠠᠭᠤᠳᠠᠯ ᠪᠤᠯᠤᠨ ᠤᠶᠢᠯᠠ | ᠠᠵᠢᠯᠯᠠᠭ᠎ᠠ ᠶᠢᠨ ᠠᠰᠠᠭᠤᠳᠠᠯ ︵ᠵᠢᠱᠢᠶᠠᠯᠠᠪᠡᠯ ᠬᠦᠴᠤᠷᠬᠡᠭ ᠲᠡᠭᠡᠨ ᠡᠷᠳᠤᠵᠤ ᠪᠠᠭᠤᠷᠠᠢ ᠪᠠᠨ ᠲᠠᠷᠤᠯᠠᠬᠤ᠂ ᠦᠪᠡᠷ ᠤᠨ | ᠪᠠᠶ᠎ᠠ ᠪᠠᠨ ᠬᠡᠮᠳᠤᠬᠡᠬᠦ᠂ ᠴᠦᠯᠳᠤ ᠮᠦᠯᠳᠤ ᠬᠡᠨᠡᠨ ᠠᠵᠢᠯᠯᠠᠭ᠎ᠠ ᠬᠢᠬᠦ︶᠂ ᠰᠦᠯᠵᠢᠶ᠎ᠠ ᠳᠤ ᠰᠢᠨᠤᠬᠤ᠂ ᠲᠡᠮᠡᠬᠢ | ᠲᠠᠳᠠᠬᠤ᠂ ᠠᠷᠢᠬᠢ ᠤᠤᠭᠤᠬᠤ᠂ ᠬᠤᠤᠷᠳᠤ ᠡᠳ᠋ ᠲᠤ ᠤᠶᠢᠷᠠᠳᠬᠤ᠂ ᠢᠳᠡᠰᠢ ᠪᠠᠨ ᠬᠡᠳᠤᠷᠬᠡᠢ ᠬᠢᠵᠠᠭᠠᠷᠯᠠᠬᠤ᠂ | ᠢᠳᠡᠰᠢ ᠭᠤᠯᠤᠬᠤ ᠪᠤᠶᠤ ᠬᠤᠭᠤᠯᠠᠨᠴᠢᠷ ᠪᠤᠯᠬᠤ ᠵᠡᠷᠬᠡ᠃ 19 — 55 ᠨᠠᠰᠤᠨ ᠤ ᠢᠳᠡᠷ ᠵᠠᠯᠠᠭᠤᠴᠤᠳ ᠲᠤ | ᠦᠷᠬᠦᠯᠵᠢ ᠳᠤᠬᠢᠶᠠᠯᠳᠤᠬᠤ ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠪᠤᠯ ᠡᠷᠬᠢᠯᠡᠵᠤ ᠪᠠᠶᠢᠭ᠎ᠠ | ᠠᠵᠢᠯ ᠲᠠᠢ ᠬᠤᠯᠪᠤᠭᠳᠠᠭᠰᠠᠠ ᠠᠰᠠᠭᠤᠳᠠᠯ᠃ ᠵᠢᠱᠢᠶᠡᠯᠡᠪᠡᠯ ᠠᠵᠢᠯᠯᠠᠬᠤ ᠤᠷᠴᠢᠨ ᠳᠤᠭᠤᠷᠢᠨ ᠲᠠᠢ ᠪᠠᠨ | ᠳᠤᠬᠢᠷᠠᠯᠴᠠᠬᠤ ᠦᠬᠡᠢ᠂ ᠬᠦᠮᠤᠨ ᠤ ᠬᠤᠭᠤᠷᠤᠨᠳᠤᠬᠢ ᠬᠠᠷᠢᠴᠠᠭ᠎ᠠ ᠪᠠᠨ ᠵᠤᠬᠢᠴᠠᠭᠤᠯᠵᠤ ᠲᠠᠶᠢᠯᠬᠦ ᠦᠬᠡᠢ᠂ | ᠠᠵᠢᠯ ᠳᠤ ᠤᠷᠤᠬᠤ ᠪᠤᠯᠤᠨ ᠠᠵᠢᠯ ᠤᠨ ᠲᠠᠷᠤᠯᠳᠠ ᠠᠴᠠ ᠪᠤᠯᠤᠭᠰᠠᠠ ᠠᠰᠠᠭᠤᠳᠠᠯ᠃ ᠡᠯᠳᠡᠪ ᠵᠦᠢᠯ ᠤᠨ | ᠪᠠᠶᠢᠭᠠᠯᠢ ᠶᠢᠨ ᠭᠠᠢ ᠭᠠᠮᠰᠢᠬ᠂ ᠵᠤᠷᠢᠭᠤᠳᠠ ᠶᠢᠨ ᠬᠡᠷᠡᠭ᠂ ᠵᠠᠮ ᠬᠠᠷᠢᠯᠴᠠᠭᠠᠨ ᠤ ᠡ᠊ᠨᠳᠡᠯ᠂ ᠬᠦᠴᠤᠷᠬᠡᠭᠯᠡᠯᠳᠤ | ᠠᠵᠢᠯᠯᠠᠭ᠎ᠠ ᠵᠡᠷᠬᠡ ᠨᠢ ᠰᠢᠭᠤᠳ ᠬᠦᠮᠤᠰ ᠤᠨ ᠡᠩ ᠤᠨ ᠠᠮᠢᠳᠤᠷᠠᠯ ᠢ ᠬᠠᠷᠰᠢᠯᠠᠬᠤ ᠪᠦᠬᠡᠳ ᠪᠠᠰᠠ ᠰᠡᠳᠬᠢᠴᠠ ᠶᠢᠨ | ᠡᠮᠵᠡᠭᠯᠡᠯ ᠡᠬᠦᠰᠬᠡᠵᠤ᠂ ᠬᠦᠨᠳᠤ ᠨᠢ ᠤᠶᠤᠨ ᠮᠡᠳᠡᠷᠡᠯ ᠤᠨ ᠳᠤᠳᠬᠠᠷ ᠢ ᠡᠬᠦᠰᠬᠡᠨ᠎ᠠ᠃ ᠲᠠᠷᠠᠴᠢᠯᠠᠨ ᠭᠠᠩᠰᠠᠷᠠᠬᠤ᠂ | ᠰᠡᠳᠬᠢᠯ ᠵᠤᠪᠠᠭ᠋ᠤ᠂ ᠪᠠᠶ᠎ᠠ ᠪᠠᠨ ᠬᠤᠤᠷᠯᠠᠬᠤ ᠪᠤᠯᠤᠨ ᠰᠡᠳᠬᠢᠴᠠ᠂ ᠤᠶᠤᠨ ᠰᠠᠨᠠᠭ᠎ᠠ ᠲᠠᠢ ᠬᠤᠯᠪᠤᠭᠳᠠᠬᠤ | ᠠᠰᠠᠭᠤᠳᠠᠯ ᠲᠦᠬᠡᠮᠡᠯ ᠤᠷᠤᠰᠢᠵᠤ ᠪᠠᠶᠢᠳᠠᠭ᠃ | ᠰᠡᠳᠬᠢᠴᠠ ᠶᠢᠨ ᠡᠷᠡᠬᠦᠯ ᠬᠠᠮᠠᠭᠠᠯᠠᠯ ᠤᠨ ᠠᠰᠠᠭᠤᠳᠠᠯ ᠢ ᠰᠶᠢᠳᠪᠤᠷᠢᠯᠡᠬᠦ ᠳᠤ ᠬᠤᠪᠢ ᠪᠡᠶ᠎ᠠ ᠶᠢᠨ ᠤᠷᠮ᠎ᠠ | ᠵᠤᠷᠢᠬ ᠪᠤᠯᠤᠨ ᠤᠶᠢᠯᠠ ᠠᠵᠢᠯᠯᠠᠭ᠎ᠠ ᠪᠠᠨ ᠳᠤᠬᠢᠷᠠᠭᠤᠯᠬᠤ᠂ ᠪᠤᠰᠤᠳ ᠲᠠᠢ ᠰᠡᠳᠬᠢᠯ ᠰᠠᠨᠠᠭ᠎ᠠ ᠪᠠᠨ ᠰᠤᠯᠢᠯᠴᠠᠬᠤ ᠪᠠ | ᠰᠡᠳᠬᠢᠴᠠ ᠶᠢᠨ ᠳᠤᠰᠠᠯᠠᠮᠵᠢ ᠤᠯᠬᠤ ᠵᠡᠷᠬᠡ ᠠᠷᠭ᠎ᠠ ᠪᠤᠢ᠃ ᠪᠠᠶᠠᠰᠤᠩᠭᠤᠢ᠂ ᠠᠭᠤᠵᠢᠭᠤ ᠲᠠᠶᠢᠪᠤᠩ ᠤᠪᠤᠷ ᠢᠶᠠᠷ | ᠠᠮᠢᠳᠤᠷᠠᠯ ᠳᠤ ᠬᠠᠨᠳᠤᠨ᠂ ᠬᠠᠷᠠᠯᠳᠠ ᠪᠠᠨ ᠦᠪᠡᠷ ᠤᠨ ᠬᠢᠵᠤ ᠲᠡᠶᠢᠯᠬᠦ ᠬᠦᠷᠢᠶ᠎ᠠ ᠬᠡᠪᠴᠢᠶᠠᠨ ᠳᠡᠭᠡᠨ ᠳᠤᠭᠳᠠᠭᠠᠵᠤ᠂ | ᠨᠡᠶᠢᠬᠡᠮ ᠪᠤᠯᠤᠨ ᠪᠤᠰᠤᠳ ᠬᠦᠮᠤᠨ ᠳᠤ ᠡᠪᠤᠷᠯᠡᠬᠦ ᠬᠦᠰᠡᠯ ᠤᠨ ᠬᠡᠮᠵᠢᠶ᠎ᠠ ᠪᠠᠨ ᠳᠤᠬᠢᠷᠠᠭᠤᠯᠤᠨ᠎ᠠ᠃ ᠬᠦᠮᠤᠨ ᠤ | ᠬᠤᠭᠤᠷᠤᠨᠳᠤᠬᠢ ᠬᠠᠷᠢᠴᠠᠭ᠎ᠠ ᠶᠢ ᠰᠠᠶᠢᠳᠤᠷ ᠪᠠᠶᠢᠭᠤᠯᠵᠤ᠂ ᠡᠷᠡᠬᠦᠯ ᠮᠠᠨᠳᠤ ᠡᠳᠤᠷ ᠳᠤᠳᠤᠮ ᠤᠨ ᠠᠮᠢᠳᠤᠷᠠᠯ ᠤᠨ | ᠲᠠᠳᠬᠠᠯ ᠪᠤᠯᠤᠨ ᠤᠷᠮ᠎ᠠ ᠪᠠᠬ᠎ᠠ ᠶᠢ ᠢᠯᠡᠬᠦᠬᠡᠨ ᠬᠦᠮᠤᠵᠢᠬᠦᠯᠵᠤ᠂ ᠨᠡᠶᠢᠬᠡᠮ ᠤᠨ ᠬᠦᠳᠡᠯᠬᠡᠬᠡᠨ ᠳᠤ ᠢᠳᠡᠪᠬᠢᠳᠡᠢ | ᠤᠷᠤᠯᠴᠠᠬᠤ ᠵᠡᠷᠬᠡ ᠨᠢ ᠰᠡᠳᠬᠢᠴᠠ ᠶᠢᠨ ᠡᠷᠡᠬᠦᠯ ᠬᠠᠮᠠᠭᠠᠯᠠᠯ ᠢ ᠬᠠᠮᠠᠭᠠᠯᠠᠬᠤ ᠳᠤ ᠠᠰᠢᠬᠳᠠᠢ᠃ | ᠰᠡᠳᠬᠢᠴᠡ ᠶᠢᠨ ᠤᠶᠢᠯᠠ ᠠᠵᠢᠯᠯᠠᠭ᠎ᠠ ᠳᠤ ᠠᠰᠠᠭᠤᠳᠠᠯ ᠲᠠᠢ ᠪᠤᠶᠤ ᠤᠶᠤᠨ ᠮᠡᠳᠡᠷᠡᠯ ᠤᠨ ᠳᠤᠳᠬᠠᠷ ᠲᠠᠢ | ᠬᠡᠵᠤ ᠰᠡᠵᠢᠭᠯᠡᠵᠤ ᠪᠠᠶᠢᠭ᠎ᠠ ᠬᠦᠮᠤᠰ ᠡᠷᠳᠡᠬᠡᠨ ᠤᠶᠤᠨ ᠮᠡᠳᠡᠷᠡᠯ ᠤᠨ ᠳᠤᠰᠬᠠᠢ ᠮᠡᠷᠬᠡᠵᠢᠯ ᠤᠨ ᠡᠮᠨᠡᠯᠬᠡ ᠪᠤᠶᠤ | ᠶᠠᠷᠤᠩᠬᠡᠶᠢᠯᠡᠭᠰᠡᠡ ᠴᠢᠨᠠᠷᠳᠡᠢ ᠡᠮᠨᠡᠯᠬᠡ ᠶᠢᠨ ᠬᠤᠷᠢᠶ᠎ᠠ ᠶᠢᠨ ᠤᠶᠤᠨ ᠮᠡᠳᠡᠷᠡᠯ ᠤᠨ ᠰᠠᠯᠠᠭ᠎ᠠ ᠪᠤᠶᠤ ᠰᠡᠳᠬᠢᠴᠠ ᠶᠢᠨ | ᠰᠠᠯᠠᠭ᠎ᠠ ᠳᠤ ᠤᠴᠢᠵᠤ ᠠᠰᠠᠭᠤᠵᠤ ᠯᠠᠪᠯᠠᠬᠤ ᠬᠡᠷᠡᠭᠳᠡᠢ᠃ ᠬᠡᠷᠪᠡ ᠪᠤᠰᠤᠳ ᠬᠦᠮᠤᠨ ᠢ ᠰᠡᠳᠬᠢᠴᠠ ᠶᠢᠨ ᠲᠠᠯ᠎ᠠ ᠶᠢᠨ | ᠠᠰᠠᠭᠤᠳᠠᠯ ᠲᠠᠢ ᠪᠤᠶᠤ ᠤᠶᠤᠨ ᠮᠡᠳᠡᠷᠡᠯ ᠤᠨ ᠳᠤᠬᠠᠢ ᠳᠤᠳᠬᠠᠷ ᠲᠠᠢ ᠬᠡᠵᠤ ᠰᠡᠵᠢᠭᠯᠡᠵᠤ ᠪᠠᠶᠢᠪᠠᠯ ᠴᠠᠭ | ᠳᠤᠬᠠᠢ ᠳᠤᠨᠢ ᠢᠳᠬᠠᠨ ᠰᠠᠨᠠᠭᠤᠯᠬᠤ ᠪᠤᠶᠤ ᠡᠮᠨᠡᠯᠬᠡ ᠳᠤ ᠬᠦᠷᠬᠡᠬᠦ ᠬᠡᠷᠡᠭᠳᠡᠢ᠃ | ᠰᠡᠳᠬᠢᠴᠠ ᠶᠢᠨ ᠤᠶᠢᠯᠠ ᠠᠵᠢᠯᠯᠠᠭ᠎ᠠ ᠶᠢᠨ ᠠᠰᠠᠭᠤᠳᠠᠯ ᠢ ᠰᠶᠢᠳᠪᠤᠷᠢᠯᠡᠬᠦ ᠳᠤ ᠰᠡᠳᠬᠢᠴᠠ ᠶᠢᠨ ᠯᠠᠪᠯᠠᠭ᠎ᠠ | ᠪᠤᠯᠤᠨ ᠰᠡᠳᠬᠢᠯᠬᠡ ᠶᠢᠨ ᠡᠮᠴᠢᠯᠡᠬᠡᠨ ᠢᠶᠠᠷ ᠭᠤᠤᠯᠳᠠᠯᠭ᠎ᠠ ᠪᠤᠯᠭᠠᠵᠤ᠂ ᠨᠡᠶᠢᠬᠡᠮ ᠤᠨ ᠳᠤᠰᠠᠯᠠᠮᠵᠢ ᠪᠡ ᠡᠮ | ᠡᠮᠴᠢᠯᠡᠭᠡ ᠶᠢᠨ ᠠᠷᠭ᠎ᠠ ᠪᠠᠷ ᠨᠦᠬᠦᠪᠤᠷᠢ ᠪᠤᠯᠭᠠᠨ᠎ᠠ᠃ ᠤᠶᠤᠨ ᠮᠡᠳᠡᠷᠡᠯ ᠤᠨ ᠳᠤᠳᠬᠠᠷ ᠲᠠᠢ ᠬᠦᠮᠤᠰ ᠲᠤ | ᠪᠦᠳᠤᠮᠵᠢᠳᠡᠢ ᠡᠮ ᠡᠮᠴᠢᠯᠡᠭᠡ᠂ ᠰᠡᠳᠬᠢᠯᠬᠡ ᠶᠢᠨ ᠡᠮᠴᠢᠯᠡᠬᠡᠨ ᠪᠤᠯᠤᠨ ᠰᠡᠳᠬᠢᠴᠠ ᠶᠢᠨ ᠨᠡᠶᠢᠬᠡᠮ ᠤᠨ ᠡᠷᠡᠬᠦᠯᠵᠢᠯ | ᠵᠡᠷᠬᠡ ᠠᠷᠭ᠎ᠠ ᠪᠠᠶᠢᠨ᠎ᠠ᠃ ᠤᠶᠤᠨ ᠮᠡᠳᠡᠷᠡᠯ ᠤᠨ ᠳᠤᠳᠬᠠᠷ ᠲᠠᠢ ᠬᠡᠵᠤ ᠤᠨᠤᠰᠢᠯᠠᠬᠰᠠᠨ ᠪᠤᠯ ᠡᠮᠴᠢ ᠶᠢᠨ | ᠵᠢᠭᠠᠪᠤᠷᠢ ᠶᠢ ᠲᠠᠭᠠᠵᠤ ᠡᠮᠬᠢ ᠲᠦᠷᠢᠮ ᠲᠠᠢ ᠵᠠᠰᠠᠭᠤᠯᠬᠤ ᠬᠡᠷᠡᠭᠳᠡᠢ᠃ ᠰᠠᠳᠬᠢᠴᠠ ᠶᠢᠨ ᠠᠷᠬᠠᠭ ᠪᠤᠯᠤᠨ ᠤᠶᠤᠨ | ᠮᠡᠳᠡᠷᠡᠯ ᠤᠨ ᠳᠤᠳᠬᠠᠷ ᠲᠠᠢ ᠬᠦᠮᠤᠰ ᠲᠤ ᠢᠯᠡᠬᠦᠬᠡᠨ ᠬᠠᠶᠢᠷ᠎ᠠ ᠬᠠᠯᠠᠮᠵᠢ ᠬᠦᠷᠳᠡᠬᠡᠨ᠂ ᠢᠯᠭᠠᠨ ᠭᠠᠳᠠᠭᠤᠷᠴᠢᠯᠠᠵᠤ | ᠪᠤᠯᠬᠤ ᠦᠬᠡᠢ᠃ |