| ᠴᠠᠭ ᠠᠭᠤᠷ ᠤᠨ ᠤᠷᠢᠳᠴᠢᠯᠠᠭᠰᠠᠨ ᠮᠡᠳᠡᠭᠡᠨ ᠳᠤ ᠬᠡᠳᠦᠬᠡᠨ ᠮᠢᠯᠢᠮᠧᠲᠷ ᠴᠠᠰᠤ ᠤᠷᠤᠭᠰᠠᠨ ᠪᠠᠶᠢᠲᠠᠯ᠎ᠠ | ᠶᠠᠭᠤᠨ ᠤ ᠤᠴᠢᠷ ᠠᠴᠠ ︽ᠶᠡᠭᠡ ᠴᠠᠰᠤ︾ ᠭᠡᠵᠤ ᠬᠡᠯᠡᠳᠡᠭ ᠪᠤᠢ︖ ᠭᠡᠵᠦ ᠤᠯᠠᠨ ᠢᠶᠠᠷ ᠢᠶᠠᠨ ᠠᠰᠠᠭᠤᠵᠤ | ᠪᠠᠶᠢᠳᠠᠭ᠃ | ᠴᠠᠰᠤᠨ ᠤ ᠬᠡᠮᠵᠢᠶ᠎ᠡ ᠪᠣᠯ ᠴᠠᠭ ᠠᠭᠤᠷ ᠤᠨ ᠠᠵᠢᠭᠯᠠᠯᠲᠠ ᠶᠢᠨ ᠠᠵᠢᠯᠲᠠᠨ ᠪᠠᠷᠢᠮᠵᠢᠶᠠᠲᠤ ᠰᠠᠪᠠ ᠪᠠᠷ 12 | ᠴᠠᠭ ᠪᠤᠶᠤ 24 ᠴᠠᠭ ᠤᠨ ᠳᠣᠲᠣᠷ᠎ᠠ ᠴᠤᠭᠯᠠᠭᠰᠠᠨ ᠴᠠᠰᠤ ᠶᠢ ᠤᠰᠤ ᠪᠣᠯᠭᠠᠭᠰᠠᠨ ᠤ ᠳᠠᠷᠠᠭ᠎ᠠ ᠬᠡᠮᠵᠢᠵᠦ ᠣᠯᠤᠭᠰᠠᠨ | ᠲᠤᠭ᠎ᠠ ᠬᠡᠮᠵᠢᠭᠳᠡᠯ ᠪᠣᠯᠤᠨ᠎ᠠ᠂ ᠶᠡᠷᠦ ᠳᠡᠭᠡᠨ ᠮᠢᠯᠢᠮᠧᠲᠷ ᠢᠶᠠᠷ ᠨᠢᠭᠡᠴᠢ ᠪᠣᠯᠭᠠᠨ᠎ᠠ︔ ᠭᠡᠳᠡᠯ᠎ᠡ ᠬᠤᠷᠠᠭᠰᠠᠨ ᠴᠠᠰᠤᠨ ᠤ | ᠭᠦᠨ ᠤ ᠬᠡᠮᠵᠢᠶ᠎ᠡ ᠨᠢ ᠮᠠᠨ ᠤ ᠣᠯᠵᠤ ᠦᠵᠡᠳᠡᠭ ᠴᠠᠰᠤᠨ ᠤ ᠵᠤᠵᠠᠭᠠᠨ ᠤ ᠬᠡᠮᠵᠢᠶ᠎ᠡ ᠪᠠᠶᠢᠵᠤ᠂ ᠬᠤᠷᠠᠭᠰᠠᠨ | ᠴᠠᠰᠤᠨ ᠤ ᠭᠠᠳᠠᠷᠭᠤ ᠠᠴᠠ ᠭᠠᠵᠠᠷ ᠤᠨ ᠨᠢᠭᠤᠷ ᠬᠦᠷᠲᠡᠯᠡᠬᠢ ᠡᠭᠴᠡ ᠵᠠᠶ ᠪᠠᠶᠢᠵᠤ᠂ ᠰᠠᠨᠲ᠋ᠢᠮᠧᠲᠷ ᠢᠶᠠᠷ ᠨᠢᠭᠡᠴᠢ | ᠪᠣᠯᠭᠠᠳᠠᠭ᠃ | ᠨᠢᠭᠡ ᠮᠢᠯᠢᠮᠧᠲᠷ ᠴᠠᠰᠤ ᠣᠷᠣᠪᠠᠯ ᠬᠡᠳᠦᠶ ᠴᠠᠰᠤ ᠬᠤᠷᠠᠳᠠᠭ ᠨᠢ ᠭᠠᠵᠠᠷ ᠤᠨ ᠭᠠᠳᠠᠷᠭᠤ ᠶᠢᠨ ᠳᠤᠯᠠᠭᠠᠨ ᠤ | ᠬᠡᠮᠵᠢᠶ᠎ᠡ ᠪᠠ ᠴᠠᠰᠤᠨ ᠳᠣᠲᠣᠷᠠᠬᠢ ᠤᠰᠤᠨ ᠤ ᠠᠭᠤᠯᠤᠭᠳᠠᠴᠠ ᠵᠡᠷᠭᠡ ᠡᠯᠧᠮᠧᠨ᠋ᠲ ᠲᠠᠢ ᠬᠤᠯᠪᠤᠭᠳᠠᠯ ᠲᠠᠢ ᠶᠤᠮ᠃ | ᠬᠡᠷᠪᠡ ᠭᠠᠵᠠᠷ ᠤᠨ ᠭᠠᠳᠠᠷᠭᠤ ᠶᠢᠨ ᠳᠤᠯᠠᠭᠠᠨ ᠤ ᠬᠡᠮᠵᠢᠶ᠎ᠡ ᠨᠢ ᠨᠡᠯᠢᠶᠡᠳ ᠥᠨᠳᠥᠷ ᠪᠣᠯ᠂ ᠴᠠᠰᠤ ᠭᠠᠵᠠᠷ ᠤᠨ | ᠨᠢᠭᠤᠷ ᠲᠤ ᠪᠠᠭᠤᠮᠠᠭᠴᠠ ᠳᠠᠷᠤᠶ ᠬᠠᠶᠢᠯᠤᠭᠠᠳ ᠴᠠᠰᠤ ᠬᠤᠷᠠᠵᠤ ᠳᠡᠶᠢᠯᠬᠦ ᠦᠭᠡᠢ︔ ᠬᠡᠷᠪᠡ ᠴᠠᠰᠤᠨ ᠳᠤᠳᠤᠷᠠᠬᠢ | ᠤᠰᠤᠨ ᠤ ᠠᠭᠤᠯᠤᠭᠳᠠᠴᠠ ᠶᠡᠭᠡ ᠪᠣᠯ ᠴᠠᠰᠤ ᠬᠤᠷᠠᠬᠤ ᠨᠢ ᠬᠠᠷᠢᠴᠠᠩᠭᠤᠶ ᠪᠠᠷ ᠨᠢᠮᠭᠡᠨ ᠪᠠᠶᠢᠳᠠᠭ︔ ᠬᠡᠷᠪᠡ ᠴᠠᠰᠤᠨ | ᠳᠤᠳᠤᠷᠠᠬᠢ ᠤᠰᠤᠨ ᠤ ᠠᠭᠤᠯᠤᠭᠳᠠᠴᠠ ᠪᠠᠭ᠎ᠠ ᠪᠤᠯ ᠴᠠᠰᠤ ᠬᠤᠷᠠᠬᠤ ᠨᠢ ᠬᠠᠷᠢᠴᠠᠩᠭᠤᠶ ᠪᠠᠷ ᠭᠦᠨ ᠰᠢᠭ ᠪᠠᠶᠢᠳᠠᠭ᠃ | | ᠡᠩ ᠤᠨ ᠪᠠᠶᠢᠳᠠᠯ ᠳᠤ᠂ 1 ᠮᠢᠯᠢᠮᠧᠲᠷ ᠴᠠᠰᠤ ᠨᠢ ᠤᠮᠠᠷᠠᠲᠤ ᠣᠷᠣᠨ ᠳᠤ ᠪᠠᠷᠤᠭ 0.8 ~ 1 | ᠰᠠᠨᠲ᠋ᠢᠮᠧᠲᠷ ᠤᠨ ᠴᠠᠰᠤ ᠪᠣᠯᠤᠨ ᠬᠤᠷᠠᠵᠤ᠂ ᠡᠮᠦᠨᠡᠲᠦ ᠣᠷᠣᠨ ᠳᠤ 0.6 ~ 0.8 ᠰᠠᠨᠲ᠋ᠢᠮᠧᠲᠷ ᠤᠨ ᠴᠠᠰᠤ ᠪᠤᠯᠤᠨ | ᠬᠤᠷᠠᠳᠠᠭ᠃ ᠤᠴᠢᠷ ᠨᠢ ᠡᠩ ᠤᠨ ᠪᠠᠶᠢᠳᠠᠯ ᠳᠤ᠂ ᠤᠮᠠᠷᠠᠲᠤ ᠣᠷᠣᠨ ᠤ ᠴᠠᠰᠤ ᠨᠢ ᠨᠡᠯᠢᠶᠡᠳ ᠰᠦᠪᠡᠷᠭᠡᠭ᠂ | ᠡᠮᠦᠨᠡᠲᠦ ᠣᠷᠣᠨ ᠤ ᠴᠠᠰᠤ ᠨᠢ ᠨᠡᠯᠢᠶᠡᠳ ᠨᠢᠭᠲᠠ ᠲᠤᠯᠠ ᠵᠢᠭᠠᠬᠠᠨ ᠵᠥᠷᠢᠶ᠎ᠡ ᠲᠠᠢ ᠪᠠᠶᠢᠳᠠᠭ᠃ |