| ᠤᠶᠢᠷ᠎ᠠ ᠶᠢᠨ ᠡᠳᠤᠷ᠂ ᠵᠠᠯᠠᠶᠢᠳ ᠬᠤᠰᠢᠭᠤ ᠭᠤᠤᠯ ᠰᠡᠳᠤᠪᠳᠤ ᠭᠠᠷ ᠤᠷᠠᠯᠠᠯ ᠤᠨ ᠮᠡᠷᠭᠡᠵᠢᠯ ᠤᠨ | ᠤᠷᠤᠯᠳᠤᠭᠠᠨ ᠵᠢᠴᠢ ᠵᠠᠯᠠᠶᠢᠳ ᠬᠤᠰᠢᠭᠤᠨ ᠤ ᠭᠠᠷ ᠤᠷᠠᠯᠠᠯ ᠤᠨ ᠦᠷᠤᠭᠡ ᠶᠢᠨ ᠫᠠᠶᠢᠰᠠ ᠰᠡᠬᠦᠬᠦ ᠶᠤᠰᠤᠯᠠᠯ ᠢ | ᠠᠮᠵᠢᠯᠳᠠᠳᠠᠢ ᠶᠠᠪᠤᠭᠳᠠᠭᠤᠯᠵᠤ ᠡᠮᠡᠭᠳᠡᠶᠢᠴᠤᠳ ᠤᠨ ᠭᠠᠷ ᠤᠷᠠᠯᠠᠯ ᠤᠨ ᠴᠢᠳᠠᠪᠬᠢ ᠶᠢ ᠲᠡᠭᠡᠭᠰᠢᠯᠡᠬᠦᠯᠥᠭᠰᠡᠨ ᠢᠶᠠᠷ | ᠪᠠᠷᠠᠬᠤ ᠦᠭᠡᠢ ᠬᠠᠷᠢᠯᠴᠠᠨ ᠰᠤᠷᠤᠯᠴᠠᠬᠤ᠂ ᠲᠤᠷᠰᠢᠯᠭ᠎ᠠ ᠪᠠᠨ ᠰᠤᠯᠢᠯᠴᠠᠬᠤ᠂ ᠬᠠᠮᠳᠤ ᠪᠠᠷ ᠲᠠᠪᠰᠢᠬᠤ ᠲᠠᠪᠴᠠᠩ ᠢ | ᠡᠬᠦᠳᠪᠠ᠃ | | | | | | ᠲᠤᠰ ᠤᠳᠠᠭᠠᠨ ᠤ ᠮᠡᠷᠭᠡᠵᠢᠯ ᠤᠨ ᠤᠷᠤᠯᠳᠤᠭᠠᠨ ᠨᠢ ᠦᠪᠠᠷ ᠢᠶᠠᠨ ᠵᠤᠬᠢᠶᠠᠨ ᠪᠦᠳᠤᠭᠡᠬᠦ ᠪᠠ ᠲᠤᠭᠳᠠᠭᠰᠠᠨ | ᠪᠦᠳᠤᠭᠡᠯ ᠢ ᠤᠷᠠᠯᠠᠵᠤ ᠬᠢᠬᠦ ᠬᠤᠶᠠᠷ ᠤᠷᠤᠯᠳᠤᠭᠠᠨ ᠤ ᠲᠦᠷᠤᠯ ᠵᠦᠢᠯ ᠢ ᠲᠤᠬᠢᠷᠠᠭᠤᠯᠵᠤ᠂ ᠦᠪᠠᠷ ᠢᠶᠠᠨ ᠵᠤᠬᠢᠶᠠᠨ | ᠪᠦᠳᠤᠭᠡᠬᠦ ᠤᠷᠤᠯᠳᠤᠭᠠᠨ ᠳᠤ ᠤᠷᠤᠯᠳᠤᠭᠴᠢ ᠠᠴᠠ ᠦᠪᠠᠷ ᠢᠶᠠᠨ ᠲᠦᠯᠤᠪᠯᠡᠨ ᠵᠤᠬᠢᠶᠠᠵᠤ᠂ ᠨᠠᠷᠢᠯᠢᠭ ᠬᠢᠴᠠᠳᠠᠢ | ᠬᠤᠸᠠᠷ ᠴᠡᠴᠡᠭ ᠤᠨ ᠴᠢᠮᠡᠭᠡᠯᠡᠯ᠂ ᠬᠦᠭᠡᠷᠤᠬᠦᠨ ᠬᠡᠥᠬᠡᠯᠳᠠᠢ᠂ ᠡᠳᠤᠷ ᠲᠤᠳᠤᠮ ᠤᠨ ᠬᠡᠷᠡᠭᠯᠡᠭᠡᠨ ᠤ ᠵᠦᠢᠯ ᠪᠠ | ᠬᠤᠪᠴᠠᠰᠤᠨ ᠤ ᠵᠠᠰᠠᠯ ᠴᠢᠮᠡᠭ ᠵᠡᠷᠭᠡ ᠶᠢ ᠤᠷᠠᠯᠠᠨ ᠵᠤᠬᠢᠶᠠᠪᠠ᠃ ᠲᠤᠭᠳᠠᠭᠰᠠᠨ ᠪᠦᠳᠤᠭᠡᠯ ᠢ ᠤᠷᠠᠯᠠᠵᠤ ᠬᠢᠬᠦ | ᠤᠷᠤᠯᠳᠤᠨᠭᠠ ᠳᠤ᠂ ᠲᠤᠭᠳᠠᠭᠰᠠᠨ ᠬᠤᠭᠤᠴᠠᠭᠠᠨ ᠳᠤ ᠲᠤᠬᠠᠢ ᠶᠢᠨ ᠲᠠᠯᠠᠪᠠᠢ ᠳᠤ ᠦᠨᠳᠤᠰᠤᠳᠡᠨ ᠤ ᠪᠦᠯᠬᠦᠮᠳᠠᠯ | ᠲᠠᠪᠰᠢᠯᠳᠠ ᠶᠢ ᠲᠤᠰᠬᠠᠭᠰᠠᠨ ᠭᠠᠷ ᠤᠷᠠᠯᠠᠯ ᠤᠨ ᠪᠦᠳᠤᠭᠡᠯ ︽ᠤᠯᠠᠭᠠᠨ ᠠᠨᠠᠷ︾ ᠵᠤᠬᠢᠶᠠᠬᠤ ᠪᠠᠷ ᠲᠤᠭᠳᠠᠵᠤ᠂ | ᠤᠷᠤᠯᠳᠤᠭᠴᠢ ᠪᠦᠷᠢ ᠠᠴᠠ ᠡᠬᠦᠳᠤᠨ ᠪᠦᠳᠤᠭᠡᠬᠦ ᠴᠢᠳᠠᠪᠤᠷᠢ ᠪᠠ ᠨᠠᠷᠢᠨ ᠬᠢᠴᠠᠳᠠᠢ ᠤᠷᠠᠯᠢᠭ ᠤᠨ ᠮᠡᠷᠭᠡᠵᠢᠯ ᠢᠶᠠᠨ | ᠬᠦᠢᠴᠡᠳ ᠪᠠᠳᠠᠷᠠᠭᠤᠯᠪᠠ᠃ ᠤᠷᠤᠯᠳᠤᠭᠠᠨ ᠨᠢ ᠪᠦᠳᠤᠭᠡᠯᠴᠢ ᠤᠬᠠᠭᠠᠯᠭᠠ ᠶᠢᠨ ᠲᠦᠯᠤᠪᠯᠡᠭᠡ᠂ ᠮᠡᠷᠭᠡᠵᠢᠯ ᠤᠨ ᠬᠢᠷᠢ | ᠲᠦᠪᠰᠢᠨ᠂ ᠰᠤᠶᠤᠯ ᠤᠨ ᠲᠤᠳᠤᠭᠠᠳᠤ ᠠᠭᠤᠯᠬᠤᠨ ᠵᠡᠷᠭᠡ ᠤᠯᠠᠨ ᠲᠠᠯ᠎ᠠ ᠳᠤ ᠶᠠᠷᠤᠩᠬᠡᠶᠢᠯᠡᠨ ᠬᠢᠨᠠᠯᠳᠠ ᠲᠠᠯᠪᠢᠵᠤ᠂ | ᠬᠠᠮᠤᠭ ᠡᠴᠤᠰ ᠲᠤ ᠨᠢᠭᠡᠳᠤᠭᠡᠷ ᠲᠡᠰ ᠤᠨ ᠱᠠᠩᠨᠠᠯ 1 ᠨᠡᠷᠡᠰ᠂ ᠬᠤᠶᠠᠳᠤᠭᠠᠷ ᠲᠡᠰ ᠤᠨ ᠱᠠᠩᠨᠠᠯ 2 ᠨᠡᠷᠡᠰ᠂ | ᠭᠤᠷᠪᠠᠳᠤᠭᠠᠷ ᠲᠡᠰ ᠤᠨ ᠱᠠᠩᠨᠠᠯ 3 ᠨᠡᠷᠡᠰ ᠵᠢᠴᠢ ᠰᠢᠯᠢᠳᠡᠭ ᠱᠠᠩᠨᠠᠯ 20 ᠨᠡᠷᠡᠰ ᠢ ᠲᠤᠰ ᠲᠤᠰ ᠰᠢᠯᠭᠠᠷᠠᠭᠤᠯᠵᠠᠢ᠃ | | | | | | |