| ᠠᠮᠢᠳᠤᠷᠠᠯ ᠨᠠᠷᠠᠨ ᠤ ᠬᠡᠷᠡᠯ᠂ ᠠᠭᠠᠷ ᠪᠠ ᠤᠰᠤᠨ ᠠᠴᠠ ᠰᠠᠯᠵᠤ ᠴᠢᠳᠠᠬᠤ ᠦᠬᠡᠢ᠃ ᠨᠡᠷᠠᠨ ᠤ ᠬᠡᠷᠡᠯ ᠢ | ᠬᠦᠢᠴᠡᠳ ᠡᠳ᠋ᠯᠡᠨ᠂ ᠠᠷᠢᠭᠤᠨ ᠴᠡᠪᠡᠷ ᠠᠭᠠᠷ ᠢᠶᠠᠷ ᠠᠮᠢᠰᠬᠤᠬᠤ ᠨᠢ ᠡᠷᠡᠬᠦᠯ ᠮᠠᠨᠳᠤ ᠪᠠᠨ ᠬᠠᠮᠠᠭᠠᠯᠠᠬᠤ ᠳᠤ | ᠳᠤᠳᠠᠭᠳᠠᠵᠤ ᠪᠤᠯᠤᠰᠢ ᠦᠬᠡᠢ ᠶᠠᠪᠤᠳᠠᠯ ᠮᠦᠨ᠃ | ᠨᠠᠷᠠᠠ ᠤ ᠬᠡᠷᠡᠯ ᠨᠢ ᠬᠦᠮᠤᠨ ᠳᠤ ᠬᠡᠷᠡᠯ ᠬᠡᠬᠡ ᠪᠠ ᠬᠠᠯᠠᠭᠤᠨ ᠳᠤᠯᠠᠭᠠᠨ ᠢ ᠰᠤᠶᠤᠷᠬᠠᠳᠠᠭ ᠲᠠᠳᠤᠢ ᠦᠬᠡᠢ᠂ | ᠤᠷᠮ᠎ᠠ ᠵᠤᠷᠢᠬ ᠢ ᠬᠦᠭᠵᠢᠬᠡᠨ᠂ ᠠᠵᠢᠯ ᠰᠤᠷᠤᠯᠭ᠎ᠠ ᠶᠢᠨ ᠦᠷ᠎ᠠ ᠪᠦᠳᠤᠮᠵᠢ ᠶᠢ ᠲᠡᠬᠡᠭᠰᠢᠯᠡᠬᠦᠯᠬᠦ ᠳᠤ ᠴᠤ ᠰᠠᠶᠢᠨ | ᠤᠶᠢᠯᠠᠴᠢᠯᠡᠳᠡᠭ ᠶᠤᠮ᠃ ᠨᠠᠷᠠᠨ ᠤ ᠬᠡᠷᠡᠯ ᠳᠤᠳᠤᠷᠡᠬᠢ ᠬᠡᠳᠤ ᠬᠦᠷᠠᠩ ᠰᠠᠴᠤᠷᠠᠭ ᠨᠢ ᠬᠦᠮᠤᠨ ᠤ ᠪᠠᠶ᠎ᠠ ᠳᠤ ᠸᠢᠲ᠋ᠠᠮᠢᠨ | D ᠨᠡᠶᠢᠯᠡᠬᠦᠯᠬᠦ ᠳᠤ ᠳᠤᠰᠠᠯᠠᠳᠠᠭ᠃ ᠸᠢᠲ᠋ᠠᠮᠢᠨ D ᠨᠢ ᠬᠦᠮᠤᠨ ᠤ ᠪᠠᠶ᠎ᠠ ᠶᠢᠨ ᠺᠠᠯᠼ ᠰᠢᠩᠬᠡᠬᠡᠬᠦ ᠶᠢ ᠠᠬᠢᠭᠤᠯᠳᠠᠭ | ᠪᠤᠯᠬᠤᠷ ᠵᠤᠬᠢᠰᠳᠠᠢ ᠪᠠᠷ ᠨᠠᠷᠠᠠ ᠳᠤ ᠪᠠᠶ᠎ᠠ ᠪᠠᠨ ᠡᠬᠡᠬᠡᠬᠦ ᠨᠢ ᠨᠢᠯᠬ᠎ᠠ ᠬᠡᠤᠬᠡᠳ ᠤᠨ ᠶᠠᠰᠤ ᠵᠦᠬᠡᠯᠡᠷᠡᠬᠦ ᠡᠪᠡᠳᠴᠢᠨ ᠢ | ᠰᠡᠷᠬᠡᠶᠢᠯᠡᠵᠤ᠂ ᠬᠡᠤᠬᠡᠳ ᠪᠠᠭᠠᠴᠤᠳ ᠤᠨ ᠬᠡᠪ ᠤᠨ ᠦᠰᠦᠯᠳᠠ ᠪᠤᠶᠢᠵᠢᠯᠳᠠ ᠶᠢ ᠬᠠᠮᠠᠭᠠᠯᠠᠵᠤ᠂ ᠨᠠᠰᠤᠨ ᠳᠤ | ᠬᠦᠷᠦᠭᠰᠡᠳ ᠤᠨ ᠺᠠᠯᠼ ᠳᠤᠳᠠᠬᠤ ᠶᠢ ᠰᠡᠷᠬᠡᠶᠢᠯᠡᠵᠤ᠂ ᠶᠠᠰᠤᠨ ᠤ ᠡᠳ᠋ ᠵᠦᠬᠡᠯᠡᠷᠡᠬᠦ ᠡᠪᠡᠳᠴᠢᠨ ᠨᠢᠷᠤᠭᠤ ᠰᠡᠬᠡᠷ ᠤᠨ | ᠡᠪᠡᠳᠴᠢᠨ᠂ ᠬᠦᠵᠤᠬᠦᠨ ᠤ ᠶᠠᠰᠤᠨ ᠤ ᠡᠪᠡᠳᠴᠢᠨ ᠵᠡᠷᠬᠡ ᠶᠢ ᠤᠯᠬᠤ ᠶᠢ ᠴᠦᠬᠡᠳᠬᠡᠨ᠎ᠠ᠃ ᠨᠡᠷᠡᠨ ᠤ ᠬᠡᠷᠡᠯ | ᠳᠤᠳᠤᠷᠡᠬᠢ ᠬᠡᠳᠤ ᠬᠦᠷᠡᠩ ᠰᠠᠴᠤᠷᠠᠭ ᠨᠢ ᠪᠠᠺᠲ᠋ᠧᠷᠢ ᠠᠯᠠᠬᠤ ᠤᠶᠢᠯᠠᠳᠤᠯ ᠢᠶᠠᠷ ᠰᠠᠶᠢᠨ ᠪᠤᠯᠬᠤᠷ ᠤᠬᠤᠷᠬᠠᠨ | ᠴᠠᠭ ᠤᠨ ᠳᠤᠳᠤᠷ᠎ᠠ ᠠᠭᠤᠰᠬᠢᠨ ᠤ ᠦᠷᠪᠢᠰᠤᠯ ᠤᠨ ᠬᠡᠯᠬᠢᠶ᠎ᠠ ᠪᠦᠮᠪᠤᠬᠡᠨ ᠪᠠᠺᠲ᠋ᠧᠷᠢ᠂ ᠰᠦᠷᠢᠶ᠎ᠠ ᠶᠢᠨ ᠰᠠᠪᠬᠠᠨᠴᠢᠷ | ᠪᠠᠺᠲ᠋ᠧᠷᠢ᠂ ᠡᠯᠢᠬᠡᠨ ᠤ A ᠦᠷᠪᠢᠰᠤᠯ ᠤᠨ ᠸᠢᠷᠦ᠋ᠰ ᠵᠡᠷᠬᠡ ᠤᠯᠠᠨ ᠵᠦᠢᠯ ᠤᠨ ᠡᠪᠡᠳᠴᠢᠨ ᠡᠬᠦᠰᠬᠡᠭᠴᠢ ᠬᠤᠮᠡᠬᠢ | ᠠᠮᠢᠳᠤ ᠪᠤᠳᠠᠰ ᠢ ᠠᠯᠠᠵᠤ ᠴᠢᠳᠠᠨ᠎ᠠ᠃ ᠨᠡᠷᠡᠨ ᠤ ᠬᠡᠷᠡᠯ ᠨᠢ ᠤᠰᠤᠨ ᠤ ᠠᠭᠤᠷ ᠪᠤᠯᠤᠨ ᠲᠡᠭᠳᠡᠬᠦ ᠶᠢ ᠠᠬᠢᠭᠤᠯᠳᠠᠭ | ᠳᠤᠯᠠ ᠦᠷᠤᠬᠡᠨ ᠳᠡᠭᠡᠨ ᠨᠠᠷᠠᠨ ᠤ ᠬᠡᠷᠡᠯ ᠦᠷᠬᠦᠯᠵᠢ ᠳᠤᠰᠬᠠᠵᠤ ᠪᠠᠶᠢᠪᠠᠯ ᠦᠷᠤᠬᠡ ᠬᠠᠭᠤᠷᠠᠢ ᠴᠡᠪᠡᠷᠬᠡᠨ ᠪᠠᠶᠢᠵᠤ᠂ | ᠪᠠᠺᠲ᠋ᠧᠷᠢ ᠬᠦᠬᠡᠴᠤ ᠦᠷᠡᠵᠢᠬᠦ ᠶᠢ ᠪᠠᠭᠠᠰᠬᠠᠬᠤ ᠪᠤᠯᠬᠤᠷ ᠡᠬᠦᠳᠠ ᠴᠤᠩᠬᠤ ᠪᠠᠨ ᠦᠷᠬᠦᠯᠵᠢ ᠨᠡᠬᠡᠬᠡᠵᠤ ᠨᠡᠷᠡᠨ ᠤ | ᠬᠡᠷᠡᠯ ᠢ ᠦᠷᠤᠬᠡᠨ ᠳᠡᠭᠡᠨ ᠳᠤᠰᠬᠠᠬᠤ ᠮᠦᠷᠳᠡᠬᠡᠨ ᠬᠦᠨᠵᠢᠯᠠ ᠲᠠᠪᠢᠰᠬᠡᠷ᠂ ᠬᠤᠪᠴᠠᠰᠤ ᠬᠤᠨᠠᠷ ᠢᠶᠠᠨ ᠢᠯᠡᠬᠦᠤ | ᠤᠬᠢᠶᠠᠵᠤ ᠨᠠᠷᠠᠨ ᠳᠤ ᠰᠠᠶᠢᠨ ᠡᠬᠡᠬᠡᠬᠦ ᠨᠢ ᠨᠠᠷᠠᠠ ᠤ ᠬᠡᠷᠡᠯ ᠢᠶᠠᠷ ᠪᠠᠺᠲ᠋ᠧᠷᠢ ᠠᠯᠠᠬᠤ ᠪᠠ ᠠᠷᠢᠭᠤᠳᠬᠠᠬᠤ ᠳᠤ | ᠳᠤᠰᠠᠯᠠᠳᠠᠭ᠃ | ᠡᠬᠦᠳᠠ ᠴᠤᠩᠬᠤ ᠪᠠᠨ ᠢᠯᠡᠬᠦᠤ ᠨᠡᠬᠡᠬᠡᠵᠤ ᠠᠭᠠᠷ ᠨᠡᠪᠳᠡᠷᠡᠬᠦᠯᠬᠦ ᠨᠢ ᠦᠷᠤᠬᠡᠨ ᠤ ᠠᠭᠠᠷ ᠢ ᠴᠡᠪᠡᠷ ᠰᠤᠷᠭᠤᠭ | ᠪᠠᠶᠢᠯᠭᠠᠬᠤ ᠳᠤ ᠳᠤᠳᠠᠭᠳᠠᠵᠤ ᠪᠤᠯᠤᠰᠢ ᠦᠬᠡᠢ ᠠᠷᠭ᠎ᠠ ᠮᠦᠨ᠃ ᠠᠭᠠᠷ ᠰᠠᠯᠬᠢ ᠨᠡᠪᠳᠡᠷᠡᠬᠦ ᠦᠬᠡᠢ ᠦᠷᠤᠬᠡᠨ ᠳᠤ᠂ | ᠬᠦᠮᠤᠰ ᠤᠨ ᠠᠮᠢᠰᠬᠤᠵᠤ ᠭᠠᠷᠭᠠᠭᠰᠠᠠ ᠬᠡᠢ ᠪᠠᠶᠠᠳᠤ ᠨᠢ ᠦᠷᠤᠬᠡᠨ ᠳᠡᠭᠡᠨ ᠦᠯᠡᠳᠡᠵᠤ᠂ ᠦᠷᠤᠬᠡᠨ ᠳᠤ ᠨᠠᠭᠠᠰᠢ | ᠴᠠᠭᠠᠰᠢ ᠶᠠᠪᠤᠬᠤ ᠳᠤ ᠭᠠᠷᠤᠭᠰᠠᠠ ᠬᠤᠬ ᠳᠤᠭᠤᠰᠤ ᠨᠢ ᠴᠤ ᠠᠭᠠᠷ ᠳᠤᠳᠤᠷ᠎ᠠ ᠬᠤᠷᠠᠮᠳᠤᠵᠤ᠂ ᠤᠳᠠᠭᠠᠨ ᠳᠠᠭᠠᠨ | ᠠᠭᠠᠷ ᠲᠠᠬᠢ ᠨᠠᠬᠦᠷᠠᠰᠦᠳᠦ᠋ᠷᠦᠭᠴᠢ ᠶᠢᠨ ᠲᠠᠪᠬᠤᠷ ᠢᠰᠤᠯ ᠤᠨ ᠦᠳᠬᠡᠴᠠ ᠨᠢ ᠨᠡᠮᠡᠭᠳᠡᠵᠤ᠂ ᠬᠦᠴᠢᠯᠳᠦ᠋ᠷᠦᠭᠴᠢ ᠶᠢᠨ | ᠦᠳᠬᠡᠴᠠ ᠪᠠᠭᠤᠷᠠᠨ᠂ ᠪᠠᠺᠲ᠋ᠧᠷᠢ ᠪᠠ ᠸᠢᠷᠦ᠋ᠰ ᠤᠨ ᠦᠷᠤᠬᠡ ᠳᠠᠬᠢ ᠲᠠᠷᠬᠠᠯᠳᠠ ᠴᠤ ᠨᠡᠮᠡᠭᠳᠡᠬᠦ ᠪᠤᠯᠤᠨ᠎ᠠ᠃ ᠤᠷᠳᠤ | ᠬᠤᠭᠤᠴᠠᠭ᠎ᠠ ᠡᠶᠢᠮᠤ ᠠᠭᠠᠷ ᠢᠶᠠᠷ ᠠᠮᠢᠰᠬᠤᠪᠠᠯ᠂ ᠠᠮᠢᠰᠬᠤᠯ ᠤᠨ ᠵᠠᠮ ᠤᠨ ᠡᠪᠡᠳᠴᠢᠨ ᠡᠮᠬᠡᠭ ᠠᠮᠠᠷᠬᠠᠨ | ᠳᠤᠰᠬᠤ ᠪᠠᠷ ᠦᠯᠤ ᠪᠠᠷᠠᠮ ᠪᠠᠶ᠎ᠠ ᠶᠢᠨ ᠡᠪᠡᠳᠴᠢᠨ ᠡᠰᠡᠷᠬᠦᠴᠠᠬᠦ ᠴᠢᠳᠠᠪᠤᠷᠢ ᠪᠠᠭᠤᠷᠠᠵᠤ᠂ ᠬᠠᠯᠳᠠᠪᠤᠷᠢᠳᠤ | ᠡᠪᠡᠳᠴᠢᠨ ᠳᠤ ᠨᠡᠷᠪᠡᠭᠳᠡᠬᠦ ᠳᠤᠬᠢᠶᠠᠯ ᠨᠡᠮᠡᠭᠳᠡᠨ᠎ᠠ᠃ ᠠᠭᠠᠷ ᠮᠠᠭᠤ ᠨᠡᠪᠳᠡᠷᠡᠬᠦ ᠦᠷᠤᠬᠡᠨ ᠳᠤ ᠲᠡᠮᠡᠬᠢ ᠲᠠᠳᠠᠪᠠᠯ᠂ | ᠤᠳᠤᠭᠠᠨ ᠳᠠᠬᠢ ᠬᠤᠤᠷ ᠲᠠᠢ ᠪᠤᠳᠠᠰ ᠨᠢ ᠦᠷᠤᠬᠡ ᠳᠠᠬᠢ ᠬᠦᠮᠤᠨ ᠪᠤᠯᠭᠠᠨ ᠢ ᠤᠳᠠᠭᠠᠨ ᠬᠤᠤᠷᠯᠠᠬᠤ ᠪᠤᠯᠤᠨ᠎ᠠ᠃ | ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠭᠰᠡᠡ ᠦᠷᠤᠬᠡ ᠳᠤ ᠬᠤᠭᠤᠯᠠ ᠪᠠᠯᠡᠳᠴᠤ᠂ ᠭᠠᠯ ᠨᠤᠴᠤᠭᠠᠵᠤ | ᠳᠤᠯᠠᠭᠠᠯᠠᠪᠠᠯ᠂ ᠦᠷᠤᠬᠡᠨ ᠤ ᠠᠭᠠᠷ ᠲᠠᠬᠢ ᠬᠦᠴᠢᠯᠳᠦ᠋ᠷᠦᠭᠴᠢ ᠶᠢᠨ ᠠᠭᠤᠯᠬᠤᠨ ᠢ ᠪᠠᠭᠠᠰᠬᠠᠭᠠᠳ | ᠨᠡᠬᠦᠷᠡᠰᠦᠳᠦ᠋ᠷᠦᠭᠴᠢ ᠶᠢᠨ ᠲᠠᠩ ᠢᠰᠤᠯ ᠵᠡᠷᠬᠡ ᠬᠤᠤᠷᠳᠤ ᠬᠡᠢ ᠪᠠᠶᠠᠳᠤ ᠶᠢᠨ ᠦᠳᠬᠡᠴᠠ ᠶᠢ ᠨᠡᠮᠡᠭᠳᠡᠬᠦᠯᠳᠡᠭ | ᠪᠤᠯᠬᠤᠷ ᠬᠦᠮᠤᠰ ᠡᠶᠢᠮᠦᠷᠬᠦᠦ ᠦᠷᠤᠬᠡ ᠳᠤ ᠤᠳᠠᠭᠠᠨ ᠰᠠᠭᠤᠪᠠᠯ ᠳᠤᠯᠤᠭᠠᠢ ᠲᠦᠷᠤᠬᠦᠤ ᠡᠷᠬᠢᠵᠤ᠂ ᠴᠠᠭᠠᠰᠢᠯᠠᠭᠠᠳ | ᠨᠡᠬᠦᠷᠠᠰᠤᠨ ᠬᠡᠢ ᠳᠤ ᠬᠤᠤᠷᠳᠠᠭᠳᠠᠬᠤ ᠪᠤᠯᠤᠨ᠎ᠠ᠃ ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠪᠡᠯ | ᠦᠷᠤᠬᠡᠨ ᠳᠠᠬᠢ ᠪᠠᠷᠢᠯᠭ᠎ᠠ ᠶᠢᠨ ᠮᠠᠲ᠋ᠧᠷᠢᠶᠠᠯ ᠪᠠ ᠬᠡᠷ ᠤᠨ ᠵᠠᠰᠠᠯ ᠴᠢᠮᠡᠭᠯᠡᠯ ᠤᠨ ᠮᠠᠲ᠋ᠧᠷᠢᠶᠠᠯ ᠤᠨ ᠬᠤᠤᠷᠳᠤ | ᠪᠤᠳᠠᠰ ᠨᠢ ᠦᠷᠤᠬᠡᠨ ᠤ ᠠᠭᠠᠷ ᠲᠤ ᠪᠦᠬᠡᠮᠨᠡᠷᠡᠬᠡᠳ ᠡᠷᠡᠬᠦᠯ ᠮᠠᠨᠳᠤ ᠶᠢ ᠬᠦᠨᠤᠬᠡᠳᠡᠭ᠃ | ᠴᠤᠩᠬᠤ ᠡᠬᠦᠳᠡ ᠪᠠᠨ ᠦᠷᠬᠦᠯᠵᠢ ᠨᠡᠬᠡᠬᠡᠵᠤ ᠠᠭᠠᠷ ᠨᠡᠪᠳᠡᠷᠡᠬᠦᠯᠪᠡᠯ ᠦᠷᠤᠬᠡᠨ ᠭᠠᠳᠡᠨᠡᠬᠢ ᠰᠢᠨ᠎ᠠ ᠰᠤᠷᠭᠤᠭ | ᠠᠭᠠᠷ ᠤᠷᠤᠵᠤ ᠢᠷᠡᠬᠡᠳ᠂ ᠠᠭᠠᠷ ᠲᠠᠬᠢ ᠬᠤᠮᠡᠬᠢ ᠠᠮᠢᠳᠤ ᠪᠤᠳᠠᠰ ᠰᠡᠶᠢᠷᠡᠭᠵᠢᠬᠦ ᠪᠠ ᠠᠷᠢᠯᠵᠤ᠂ ᠬᠦᠮᠤᠰ ᠪᠤᠬᠢᠷ | ᠬᠤᠤᠷᠳᠡᠢ ᠠᠭᠠᠷ ᠢᠶᠠᠷ ᠲᠠᠬᠢᠨ ᠠᠮᠢᠰᠬᠤᠬᠤ ᠦᠬᠡᠢ ᠪᠤᠯᠳᠠᠭ᠃ | ᠡᠬᠦᠳᠠ ᠴᠤᠩᠬᠤ ᠪᠠᠨ ᠦᠷᠬᠦᠯᠵᠢ ᠨᠡᠬᠡᠬᠡᠳᠡᠭ ᠵᠠᠩᠰᠢᠯ ᠲᠠᠢ ᠪᠤᠯᠬᠤ ᠬᠡᠷᠡᠭᠳᠡᠢ᠃ ᠬᠠᠬᠢᠷ ᠬᠦᠢᠳᠡᠨ ᠡᠪᠤᠯ ᠳᠤ | ᠴᠤ ᠡᠳᠤᠷ ᠪᠦᠷᠢ ᠴᠤᠩᠬᠤ ᠪᠠᠨ ᠨᠡᠬᠡᠬᠡᠵᠤ ᠠᠭᠠᠷ ᠨᠡᠪᠳᠡᠷᠡᠬᠦᠯᠤᠨ᠎ᠠ᠂ ᠦᠷᠯᠦᠬᠡ᠂ ᠦᠳᠠ᠂ ᠤᠷᠤᠢ ᠳᠤᠰ ᠳᠤᠰ | ᠨᠢᠬᠡ ᠤᠳᠠᠭ᠎ᠠ᠂ ᠤᠳᠠᠭ᠎ᠠ ᠪᠦᠷᠢ ᠳᠤ 15 — 20 ᠮᠢᠨᠦ᠋ᠲ ᠨᠡᠬᠡᠬᠡᠪᠡᠯ ᠬᠠᠮᠤᠭ ᠤᠨ ᠰᠠᠶᠢᠨ᠃ ᠢᠯᠠᠩᠭᠤᠶ᠎ᠠ | 10 — 30 ᠮᠢᠨᠦ᠋ᠲ ᠨᠡᠬᠡᠬᠡᠵᠤ ᠠᠭᠠᠷ ᠨᠡᠪᠳᠡᠷᠡᠬᠦᠯᠬᠦ ᠬᠡᠷᠡᠭᠳᠡᠢ᠃ ᠴᠤᠩᠬᠤ ᠪᠠᠨ ᠨᠡᠬᠡᠬᠡᠬᠦ ᠴᠠᠭ ᠨᠢ ᠦᠳᠡ ᠶᠢᠨ | ᠡᠮᠤᠨᠡᠬᠢ 9᠄ 00 — 11᠄ 00 ᠴᠠᠭ ᠪᠤᠶᠤ ᠦᠳᠡ ᠶᠢᠨ ᠬᠤᠶᠢᠨᠡᠬᠢ 2᠄ 00 — 4᠄ 00 ᠴᠠᠭ ᠲᠤ | ᠪᠠᠶᠢᠪᠠᠯ ᠰᠠᠶᠢᠨ ᠬᠡᠵᠤ ᠵᠠᠷᠢᠮ ᠬᠦᠮᠤᠨ ᠦᠵᠡᠵᠤ ᠪᠤᠢ᠂ ᠡᠨᠡ ᠴᠠᠭ ᠲᠤ ᠠᠭᠤᠷ ᠠᠮᠢᠰᠬᠤᠯ ᠳᠤᠯᠠᠭᠠᠨ ᠪᠤᠯᠵᠤ᠂ | ᠶᠡᠭᠡ ᠠᠭᠠᠷ ᠮᠠᠨᠳᠠᠯ ᠳᠤ ᠳᠤᠨᠤᠵᠤ ᠪᠠᠶᠢᠬᠰᠠᠠ ᠬᠤᠤᠷ ᠲᠠᠢ ᠬᠡᠢ ᠪᠤᠳᠠᠰ ᠰᠠᠷᠨᠢᠭᠠᠳ᠂ ᠴᠤᠩᠬᠤ ᠪᠠᠨ ᠨᠡᠬᠡᠬᠡᠵᠤ | ᠠᠭᠠᠷ ᠨᠡᠪᠳᠡᠷᠡᠬᠦᠯᠬᠦ ᠳᠤ ᠨᠡᠯᠢᠶᠠᠳ ᠰᠠᠶᠢᠨ ᠪᠠᠶᠢᠳᠠᠭ ᠪᠤᠯᠬᠤᠷ ᠢᠩᠬᠢᠵᠤ ᠬᠡᠯᠡᠳᠡᠭ ᠶᠤᠮ᠃ ᠠᠭᠠᠷ | ᠳᠤᠬᠢᠷᠠᠭᠤᠯᠤᠭᠴᠢ ᠬᠡᠷᠡᠭᠯᠡᠵᠤ ᠪᠠᠶᠢᠭ᠎ᠠ ᠪᠠᠶᠢᠰᠢᠩ ᠳᠤ ᠠᠭᠠᠷ ᠰᠡᠯᠬᠢ ᠨᠡᠪᠳᠡᠷᠡᠬᠦᠯᠬᠦ ᠶᠢ ᠠᠩᠬᠠᠷᠴᠤ᠂ ᠳᠤᠬᠳᠠᠮᠠᠯ | ᠬᠤᠭᠤᠴᠠᠭ᠎ᠠ ᠲᠠᠢ ᠪᠠᠷ ᠠᠭᠠᠷ ᠳᠤᠬᠢᠷᠠᠭᠤᠯᠤᠭᠴᠢ ᠪᠠᠨ ᠴᠡᠪᠡᠷᠯᠡᠬᠦ ᠬᠡᠷᠡᠭᠳᠡᠢ᠃ | ᠦᠷᠦᠬᠡᠨ ᠳᠠᠬᠢ ᠠᠭᠠᠷ ᠪᠤᠬᠢᠷᠳᠤᠬᠤ ᠠᠴᠠ ᠰᠡᠷᠬᠡᠶᠢᠯᠡᠬᠦ ᠶᠢᠨ ᠲᠦᠯᠦᠬᠡ ᠦᠷᠤᠬᠡᠨ ᠳᠤ ᠲᠠᠮᠡᠬᠢ ᠲᠠᠳᠠᠬᠤ | ᠦᠬᠡᠢ ᠪᠦᠬᠡᠳ ᠦᠷᠬᠦᠯᠵᠢ ᠦᠷᠤᠬᠡ ᠪᠠᠨ ᠠᠷᠢᠯᠭᠠᠨ ᠴᠡᠪᠡᠷᠯᠡᠵᠤ ᠪᠠᠶᠢᠬᠤ ᠬᠡᠷᠡᠭᠳᠡᠢ᠃ ᠱᠠᠯᠠ ᠴᠡᠪᠡᠷᠯᠡᠬᠦ ᠳᠡᠭᠡᠨ | ᠳᠤᠳᠠᠭᠤ ᠱᠦᠬᠦᠷᠳᠡᠵᠤ ᠢᠯᠡᠬᠦᠤ ᠵᠦᠯᠬᠦᠨ᠂ ᠨᠤᠷᠭᠠᠭᠠᠳ ᠰᠠᠶᠢᠨ ᠬᠠᠳᠠᠭᠠᠨ᠎ᠠ᠃ ᠳᠤᠭᠤᠭᠠᠨ ᠬᠡᠷ ᠤᠨ ᠠᠭᠠᠷ | ᠬᠠᠮᠤᠭ ᠤᠨ ᠬᠢᠯᠪᠠᠷᠬᠠᠨ ᠪᠤᠬᠢᠷᠳᠤᠳᠠᠭ᠃ ᠬᠠᠭᠤᠷᠴᠤ ᠬᠠᠭᠠᠷᠢᠬᠤ ᠳᠤ ᠭᠠᠷᠤᠭᠰᠠᠠ ᠳᠤᠰᠤ ᠤᠳᠤᠭ᠎ᠠ ᠵᠢᠴᠢ | ᠨᠡᠬᠦᠷᠡᠰᠤ ᠰᠢᠳᠠᠬᠤ ᠳᠤ ᠭᠠᠷᠤᠭᠰᠠᠠ ᠮᠦᠬᠦᠯᠢᠭᠳᠦ ᠪᠤᠳᠠᠰ ᠪᠠ ᠰᠢᠳᠠᠮᠠᠬᠠᠢ ᠬᠡᠢ ᠰᠢᠳᠠᠬᠤ ᠶᠠᠪᠤᠴᠠ ᠳᠠᠬᠢ | ᠨᠡᠬᠦᠷᠠᠰᠦᠳᠦ᠋ᠷᠦᠭᠴᠢ ᠶᠢᠨ ᠲᠠᠩ ᠢᠰᠤᠯ ᠨᠢ ᠡᠷᠡᠬᠦᠯ ᠮᠠᠨᠳᠤ ᠶᠢ ᠮᠠᠰᠢ ᠶᠡᠭᠡ ᠪᠠᠷ ᠬᠤᠤᠷᠳᠠᠭᠤᠯᠳᠠᠭ᠃ ᠡᠶᠢᠮᠤ | ᠪᠤᠯᠬᠤᠷ ᠳᠤᠭᠤᠭᠠᠨ ᠬᠡᠷ ᠲᠡᠭᠡᠨ ᠠᠭᠠᠷ ᠨᠡᠪᠳᠡᠷᠡᠬᠦᠯᠬᠦ ᠶᠢ ᠤᠨᠴᠠᠭᠠᠶᠢᠯᠠᠨ ᠠᠩᠬᠠᠷᠬᠤ ᠬᠡᠷᠡᠭᠳᠡᠢ᠂ ᠵᠤᠤᠬᠠᠨ | ᠲᠡᠬᠡᠷ᠎ᠠ ᠪᠠᠨ ᠳᠤᠰᠤᠨ ᠤᠳᠤᠭ᠎ᠠ ᠶᠢᠨ ᠰᠤᠷᠤᠭᠤᠯ ᠪᠤᠶᠤ ᠠᠭᠠᠷ ᠰᠤᠷᠤᠭᠤᠯ ᠳᠤᠬᠢᠷᠠᠭᠤᠯᠪᠠᠯ ᠬᠠᠮᠤᠭ ᠤᠨ ᠰᠠᠶᠢᠨ | ᠶᠤᠮ᠃ | ︽ᠡᠷᠡᠬᠦᠯ ᠮᠠᠨᠳᠤ ᠶᠢᠨ 66 ᠵᠤᠷᠪᠤᠰ︾ ᠬᠡᠮᠡᠬᠦ ᠨᠤᠮ ᠠᠴᠠ ᠨᠠᠶᠢᠷᠠᠭᠤᠯᠪᠠ |