| | ᠨᠠᠮᠤᠷ ᠤᠨ ᠤᠯᠠᠷᠢᠯ ᠳᠤ ᠠᠭᠤᠷ ᠠᠮᠢᠰᠬᠤᠯ ᠬᠦᠢᠲᠡᠷᠡᠵᠦ᠂ ᠤᠰᠤᠨ ᠤ ᠳᠤᠯᠠᠭᠠᠨ ᠳᠣᠷᠣᠭᠰᠢᠯᠠᠨ᠂ ᠬᠡᠰᠡᠭ | ᠭᠠᠵᠠᠷ ᠣᠷᠣᠨ ᠤ ᠳᠤᠯᠠᠭᠠᠨ ᠤ ᠬᠡᠮᠵᠢᠶ᠎ᠡ ᠭᠡᠨᠡᠳᠲᠡ ᠪᠠᠭᠤᠷᠠᠵᠤ᠂ ᠤᠰᠤᠨ ᠤ ᠣᠷᠴᠢᠨ ᠲᠣᠭᠤᠷᠢᠨ ᠤ ᠬᠤᠪᠢᠷᠠᠯᠲᠠ | ᠶᠡᠭᠡ ᠮᠥᠷᠲᠡᠭᠡᠨ ᠪᠤᠳᠤᠯᠢᠶᠠᠨᠲᠠᠢ ᠪᠠᠶᠢᠵᠤ᠂ ᠤᠰᠤᠨ ᠤ ᠭᠠᠷᠤᠯᠲᠠ ᠶᠢᠨ ᠠᠮᠢᠲᠠᠨ ᠤ ᠡᠪᠡᠳᠴᠢᠯᠡᠬᠦ ᠨᠣᠷᠮ᠎ᠠ ᠪᠠ | ᠦᠬᠦᠬᠦ ᠨᠣᠷᠮ᠎ᠠ ᠨᠡᠯᠢᠶᠡᠳ ᠥᠨᠳᠥᠷ ᠪᠤᠯᠳᠠᠭ᠃ ᠨᠠᠮᠤᠷ ᠤᠨ ᠤᠯᠠᠷᠢᠯ ᠤᠨ ᠤᠰᠤᠨ ᠤ ᠭᠠᠷᠤᠯᠲᠠ ᠶᠢᠨ ᠲᠡᠵᠢᠭᠡᠨ | ᠦᠷᠡᠵᠢᠭᠦᠯᠬᠦ ᠦᠢᠯᠡᠳᠪᠦᠷᠢᠯᠡᠯ ᠤᠨ ᠬᠠᠮᠢᠶᠠᠷᠤᠯᠲᠠ ᠶᠢ ᠰᠠᠶᠢᠲᠤᠷ ᠬᠢᠬᠦ ᠪᠣᠯ ᠲᠡᠵᠢᠭᠡᠨ ᠦᠷᠡᠵᠢᠭᠦᠯᠬᠦ ᠦᠢᠯᠡᠰ ᠤᠨ | ᠭᠠᠷᠤᠯᠲᠠ ᠶᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠶᠢᠨ ᠵᠠᠩᠭᠢᠯᠠᠭ᠎ᠠ ᠪᠣᠯᠣᠨ᠎ᠠ᠃ | 1. ᠢᠳᠡᠰᠢ ᠶᠢᠨ ᠬᠠᠮᠢᠶᠠᠷᠤᠯᠲᠠ᠄ ᠨᠠᠮᠤᠷ ᠤᠨ ᠡᠬᠢᠨ ᠤ ᠬᠤᠭᠤᠴᠠᠭᠠᠨ ᠳᠤ ᠠᠭᠤᠷ ᠠᠮᠢᠰᠬᠤᠯ ᠬᠦᠢᠲᠡᠷᠡᠵᠦ᠂ | ᠤᠰᠤᠨ ᠤ ᠳᠤᠯᠠᠭᠠᠨ ᠨᠢ ᠲᠡᠵᠢᠭᠡᠨ ᠦᠷᠡᠵᠢᠭᠦᠯᠬᠦ ᠵᠢᠭᠠᠰᠤᠨ ᠤ ᠲᠥᠷᠥᠯ ᠤᠨ ᠲᠦᠷᠭᠡᠨ ᠪᠤᠶᠢᠵᠢᠯᠲᠠ ᠳᠤ ᠲᠣᠬᠢᠷᠠᠨ᠎ᠠ | ᠂ ᠲᠡᠵᠢᠭᠡᠬᠦ ᠳᠡᠭᠡᠨ ︽ᠳᠥᠷᠪᠡ ᠶᠢ ᠲᠣᠭᠲᠠᠭᠠᠬᠤ︾ ᠵᠠᠷᠴᠢᠮ ︵ᠴᠢᠨᠠᠷ ᠢ ᠲᠣᠭᠲᠠᠭᠠᠬᠤ᠂ ᠬᠡᠮᠵᠢᠶ᠎ᠡ ᠶᠢ ᠲᠣᠭᠲᠠᠭᠠᠬᠤ | ᠂ ᠲᠣᠭᠲᠠᠭᠰᠠᠨ ᠴᠡᠭ ᠢ ᠲᠣᠭᠲᠠᠭᠠᠬᠤ᠂ ᠲᠣᠭᠲᠠᠭᠰᠠᠨ ᠴᠠᠭ ᠢ ᠲᠣᠭᠲᠠᠭᠠᠬᠤ︶ ᠶᠣᠰᠣᠭᠠᠷ ᠶᠠᠪᠤᠭᠳᠠᠭᠤᠯᠤᠨ᠎ᠠ᠃ | ᠢᠳᠡᠭᠦᠯᠬᠦ ᠤᠳᠠᠭ᠎ᠠ ᠪᠠ ᠢᠳᠡᠭᠦᠯᠬᠦ ᠬᠡᠮᠵᠢᠶ᠎ᠡ ᠶᠢ ᠴᠠᠭ ᠠᠭᠤᠷ᠂ ᠤᠰᠤᠨ ᠤ ᠳᠤᠯᠠᠭᠠᠨ᠂ ᠲᠡᠵᠢᠭᠡᠨ ᠦᠷᠡᠵᠢᠭᠦᠯᠬᠦ | ᠤᠰᠤᠨ ᠴᠣᠭᠴᠠ ᠶᠢᠨ ᠤᠰᠤᠨ ᠤ ᠴᠢᠨᠠᠷ᠂ ᠲᠡᠵᠢᠭᠡᠨ ᠦᠷᠡᠵᠢᠭᠦᠯᠬᠦ ᠵᠢᠭᠠᠰᠤᠨ ᠤ ᠲᠥᠷᠥᠯ ᠤᠨ ᠢᠳᠡᠰᠢᠯᠡᠬᠦ | ᠪᠠᠶᠢᠳᠠᠯ ᠵᠡᠷᠭᠡ ᠶᠢ ᠦᠨᠳᠦᠰᠦᠯᠡᠨ ᠴᠠᠭ ᠲᠤᠬᠠᠢ ᠳᠤᠨᠢ ᠲᠣᠬᠢᠷᠠᠭᠤᠯᠤᠯᠲᠠ ᠬᠢᠵᠦ᠂ ᠢᠳᠡᠭᠦᠯᠬᠦ ᠬᠡᠮᠵᠢᠶ᠎ᠡ ᠶᠢ ᠲᠡᠵᠢᠭᠡᠨ | ᠦᠷᠡᠵᠢᠭᠦᠯᠵᠦ ᠪᠠᠶᠢᠭ᠎ᠠ ᠵᠢᠭᠠᠰᠤᠨ ᠤ ᠲᠥᠷᠥᠯ ᠤᠨ 7 — 8 ᠬᠤᠪᠢ ᠶᠢᠨ ᠴᠠᠳᠬᠤ ᠬᠡᠮᠵᠢᠶᠡᠨ ᠳᠤ ᠬᠦᠷᠦᠭᠦᠯᠪᠡᠯ | ᠵᠣᠬᠢᠨ᠎ᠠ᠃ ᠨᠠᠮᠤᠷ ᠤᠨ ᠳᠤᠮᠳᠠᠴᠢ ᠰᠡᠭᠦᠯᠴᠢ ᠪᠤᠯᠵᠤ ᠤᠰᠤᠨ ᠤ ᠳᠤᠯᠠᠭᠠᠨ ᠠᠭᠠᠵᠢᠮ ᠢᠶᠠᠷ ᠪᠠᠭᠤᠷᠠᠬᠤ ᠳᠤ | ᠵᠢᠭᠠᠰᠤᠨ ᠤ ᠢᠳᠡᠰᠢᠯᠡᠬᠦ ᠬᠡᠮᠵᠢᠶ᠎ᠡ ᠴᠦ ᠪᠠᠭᠠᠰᠳᠠᠭ ᠲᠤᠯᠠ ᠢᠳᠡᠭᠦᠯᠬᠦ ᠤᠳᠠᠭ᠎ᠠ ᠪᠠ ᠢᠳᠡᠭᠦᠯᠬᠦ ᠬᠡᠮᠵᠢᠶ᠎ᠡ ᠶᠢ | ᠪᠠᠭᠠᠰᠬᠠᠵᠤ᠂ ᠵᠢᠭᠠᠰᠤᠨ ᠤ ᠡᠪᠦᠯᠵᠢᠬᠦ ᠳᠤ ᠭᠦᠢᠴᠡᠳ ᠰᠢᠮ᠎ᠡ ᠲᠡᠵᠢᠭᠡᠯ ᠪᠠ ᠡᠨᠧᠷᠭᠢ ᠨᠥᠭᠡᠴᠡᠯᠡᠵᠦ ᠥᠭᠭᠦᠨ᠎ᠡ᠃ | 2. ᠤᠰᠤᠨ ᠤ ᠴᠢᠨᠠᠷ ᠤᠨ ᠬᠠᠮᠢᠶᠠᠷᠤᠯᠲᠠ᠄ ᠶᠡᠷᠦ ᠳᠡᠭᠡᠨ 7 — 10 ᠡᠳᠦᠷ ᠲᠤ ᠨᠢᠭᠡ ᠤᠳᠠᠭ᠎ᠠ ᠰᠢᠨ᠎ᠡ | ᠤᠰᠤ ᠨᠡᠮᠡᠵᠦ᠂ ᠤᠳᠠᠭ᠎ᠠ ᠪᠦᠷᠢ 20 ᠰᠡᠨᠲ᠋ᠢᠮᠧᠲᠷ ᠠᠴᠠ ᠬᠡᠲᠦᠷᠡᠭᠦᠯᠵᠦ ᠪᠣᠯᠬᠤ ᠦᠭᠡᠢ᠂ ᠵᠢᠭᠠᠰᠤᠨ | ᠴᠥᠭᠦᠷᠥᠮ ᠤᠨ ᠤᠰᠤᠨ ᠤ ᠲᠦᠪᠰᠢᠨ ᠢ ᠨᠡᠯᠢᠶᠡᠳ ᠥᠨᠳᠥᠷ ᠲᠦᠪᠰᠢᠨ ᠳᠤ ᠪᠠᠶᠢᠯᠭᠠᠵᠤ᠂ ᠵᠢᠭᠠᠰᠤᠨ | ᠴᠥᠭᠦᠷᠥᠮ ᠤᠨ ᠵᠢᠭᠠᠰᠤᠨ ᠤ ᠳᠠᠭᠠᠭᠠᠴᠠ ᠶᠢ ᠳᠡᠭᠡᠭᠰᠢᠯᠡᠭᠦᠯᠬᠦ ᠶᠢᠨ ᠬᠠᠮᠲᠤ ᠤᠰᠤᠨ ᠤ ᠳᠤᠯᠠᠭᠠᠨ ᠤ | ᠬᠡᠯᠪᠡᠯᠵᠡᠯᠲᠡ ᠶᠢ ᠪᠦᠲᠦᠮᠵᠢᠲᠡᠶ ᠤᠳᠠᠭᠠᠰᠢᠷᠠᠭᠤᠯᠤᠨ᠎ᠠ᠃ ᠰᠢᠨ᠎ᠡ ᠤᠰᠤ ᠨᠡᠮᠡᠬᠦ ᠦᠶ᠎ᠡ ᠳᠤ᠂ ᠠᠯᠢ ᠴᠢᠳᠠᠬᠤ ᠪᠠᠷ | ᠤᠰᠤᠨ ᠤ ᠢᠷᠤᠭᠠᠷ ᠢ ᠬᠦᠴᠦᠲᠡᠢ ᠬᠥᠨᠳᠡᠬᠦ ᠠᠴᠠ ᠵᠠᠶᠢᠯᠠᠰᠬᠢᠨ᠎ᠡ᠃ ᠣᠷᠣᠢ ᠤᠰᠤ ᠨᠡᠮᠡᠬᠦ ᠠᠴᠠ ᠪᠣᠯᠵᠤ | ᠴᠥᠭᠦᠷᠥᠮ ᠤᠨ ᠤᠰᠤᠨ ᠳᠤ ᠬᠦᠴᠢᠯᠲᠥ᠋ᠷᠥᠭᠴᠢ ᠳᠤᠲᠠᠬᠤ ᠠᠴᠠ ᠵᠶᠢᠯᠠᠰᠬᠢᠨᠡ᠃ ᠬᠦᠴᠢᠯᠲᠥ᠋ᠷᠥᠭᠴᠢ ᠨᠡᠮᠡᠭᠳᠡᠭᠦᠯᠬᠦ | ᠮᠠᠰᠢᠨ ᠢ ᠵᠣᠬᠢᠰᠲᠠᠢ ᠬᠡᠷᠡᠭᠯᠡᠨ ᠵᠢᠭᠠᠰᠤᠨ ᠴᠥᠭᠦᠷᠥᠮ ᠤᠨ ᠬᠦᠴᠢᠯᠲᠥ᠋ᠷᠥᠭᠴᠢ ᠠᠭᠤᠰᠬᠠᠬᠤ ᠬᠡᠮᠵᠢᠶ᠎ᠡ ᠶᠢ | ᠨᠡᠮᠡᠭᠳᠡᠭᠦᠯᠦᠨ᠎ᠡ᠂ ᠶᠡᠷᠦ ᠳᠡᠭᠡᠨ ᠲᠤᠩᠭᠠᠯᠠᠭ ᠡᠳᠦᠷ ᠤᠨ ᠦᠳᠡ ᠳᠤ᠂ ᠪᠦᠷᠬᠦᠭ ᠪᠣᠷᠣᠭᠠᠨ ᠲᠠᠢ ᠡᠳᠦᠷ ᠤᠨ | ᠥᠷᠯᠥᠭᠡ᠂ ᠪᠦᠷᠬᠦᠭ ᠪᠣᠷᠣᠭᠠᠨ ᠲᠠᠢ ᠡᠳᠦᠷ ᠤᠨ ᠰᠥᠨᠢ ᠳᠤ 2 — 3 ᠴᠠᠭ ᠨᠡᠭᠡᠭᠡᠨ᠎ᠡ᠃ ᠪᠦᠬᠦᠯᠢ 24 | ᠴᠠᠭ ᠲᠤ ᠴᠥᠭᠦᠷᠥᠮ ᠤᠨ ᠤᠰᠤᠨ ᠳᠤ ᠠᠭᠤᠰᠬᠤ ᠬᠦᠴᠢᠯᠲᠥ᠋ᠷᠥᠭᠴᠢ ᠶᠢ 5mg/L ᠠᠴᠠ ᠳᠡᠭᠡᠭᠰᠢ | ᠪᠠᠶᠢᠯᠭᠠᠬᠤ ᠶᠢ ᠪᠠᠲᠤᠯᠠᠨ᠎ᠠ᠃ ᠤᠰᠤᠨ ᠤ ᠴᠢᠨᠠᠷ ᠢ ᠬᠢᠨᠠᠨ ᠬᠡᠮᠵᠢᠬᠦ ᠶᠢ ᠴᠢᠩᠭᠠᠳᠬᠠᠵᠤ᠂ ᠴᠥᠭᠦᠷᠥᠮ ᠤᠨ ᠤᠰᠤᠨ ᠤ | ᠬᠦᠴᠢᠯᠲᠥ᠋ᠷᠥᠭᠴᠢ ᠠᠭᠤᠰᠬᠠᠬᠤ᠂ pH ᠬᠡᠮᠵᠢᠭᠳᠡᠯ᠂ ᠰᠢᠪᠲᠦᠷᠲᠦ ᠠᠽᠣᠲ᠂ ᠳᠤᠲᠠᠭᠤ ᠠᠽᠣᠲ ᠬᠦᠴᠢᠯ ᠤᠨ | ᠳᠠᠪᠤᠰᠤ᠂ ᠲᠤᠩᠭᠠᠯᠠᠭ ᠤᠨ ᠬᠡᠮᠵᠢᠶ᠎ᠡ ᠵᠡᠷᠭᠡ ᠭᠦᠢᠴᠡᠳᠬᠡᠯ ᠲᠤᠭ᠎ᠠ ᠶᠢ ᠲᠣᠭᠲᠠᠮᠠᠯ ᠬᠤᠭᠤᠴᠠᠭ᠎ᠠ ᠲᠠᠢ ᠪᠠᠷ | ᠪᠠᠶᠢᠴᠠᠭᠠᠨ ᠰᠢᠯᠭᠠᠵᠤ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ ᠴᠠᠭ ᠲᠤᠬᠠᠢ ᠳᠤᠨᠢ ᠤᠰᠤ ᠰᠣᠯᠢᠬᠤ᠂ | ᠬᠦᠴᠢᠯᠲᠥ᠋ᠷᠥᠭᠴᠢ ᠨᠡᠮᠡᠭᠳᠡᠭᠦᠯᠬᠦ᠂ ᠠᠷᠢᠭᠤᠳᠬᠠᠬᠤ ᠵᠡᠷᠭᠡ ᠠᠷᠭᠠᠴᠠᠭᠠᠬᠤ ᠠᠷᠭ᠎ᠠ ᠬᠡᠮᠵᠢᠶ᠎ᠡ ᠠᠪᠴᠤ᠂ ᠵᠢᠭᠠᠰᠤᠨ | ᠴᠥᠭᠦᠷᠥᠮ ᠤᠨ ᠤᠰᠤᠨ ᠤ ᠴᠢᠨᠠᠷ ᠤᠨ ᠲᠣᠭᠲᠠᠭᠤᠨ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ᠃ | 3. ᠡᠳᠦᠷ ᠲᠤᠳᠤᠮ ᠤᠨ ᠬᠠᠮᠢᠶᠠᠷᠤᠯᠲᠠ᠄ ᠡᠳᠦᠷ ᠪᠦᠷᠢ ᠦᠷᠯᠦᠭᠡ ᠡᠷᠲᠡ᠂ ᠦᠳᠡ᠂ ᠣᠷᠣᠢ ᠨᠠᠭᠤᠷ | ᠲᠣᠭᠤᠷᠢᠵᠤ᠂ ᠵᠢᠭᠠᠰᠤᠨ ᠤ ᠠᠵᠢᠯᠯᠠᠭ᠎ᠠ᠂ ᠢᠳᠡᠵᠦ ᠪᠠᠶᠢᠭ᠎ᠠ ᠪᠠᠶᠢᠳᠠᠯ ᠵᠡᠷᠭᠡ ᠪᠠᠶᠢᠳᠠᠯ ᠢ ᠠᠵᠢᠭᠯᠠᠵᠤ᠂ ᠡᠭᠦᠨ ᠢ | ᠦᠨᠳᠦᠰᠦᠯᠡᠨ ᠲᠡᠵᠢᠭᠡᠬᠦ᠂ ᠤᠰᠤᠨ ᠤ ᠴᠢᠨᠠᠷ ᠢ ᠬᠠᠮᠢᠶᠠᠷᠬᠤ ᠵᠡᠷᠭᠡ ᠠᠷᠭ᠎ᠠ ᠬᠡᠮᠵᠢᠶ᠎ᠡ ᠶᠢ ᠲᠣᠬᠢᠷᠠᠭᠤᠯᠤᠨ᠎ᠠ᠃ | ᠤᠰᠤᠨ ᠳᠣᠲᠣᠷᠠᠬᠢ ᠦᠬᠦᠭᠰᠡᠨ ᠵᠢᠭᠠᠰᠤ᠂ ᠪᠤᠵᠠᠷ ᠡᠪᠡᠰᠦ᠂ ᠬᠥᠪᠥᠮᠡᠯ ᠪᠣᠳᠠᠰ ᠵᠡᠷᠭᠡ ᠶᠢ ᠴᠠᠭ ᠲᠤᠬᠠᠢ ᠳᠤᠨᠢ | ᠴᠡᠪᠡᠷᠯᠡᠨ ᠠᠷᠢᠯᠭᠠᠵᠤ᠂ ᠤᠰᠤᠨ ᠤ ᠴᠢᠨᠠᠷ ᠮᠠᠭᠤᠳᠠᠬᠤ ᠠᠴᠠ ᠰᠡᠷᠭᠡᠶᠢᠯᠡᠬᠦ ᠬᠡᠷᠡᠭᠲᠡᠢ᠃ ᠴᠥᠭᠦᠷᠥᠮ ᠤᠨ ᠤᠰᠤᠨ ᠳᠤ | ᠬᠦᠴᠢᠯᠲᠥ᠋ᠷᠥᠭᠴᠢ ᠠᠭᠤᠰᠤᠭᠰᠠᠨ ᠪᠠᠶᠢᠳᠠᠯ ᠢ ᠭᠤᠣᠯᠳᠠᠯᠭ᠎ᠠ ᠲᠠᠢ ᠪᠠᠶᠢᠴᠠᠭᠠᠵᠤ᠂ ᠵᠢᠭᠠᠰᠤᠨ ᠤ ᠲᠥᠷᠥᠯ ᠤᠨ | ᠤᠷᠢᠳᠤ ᠰᠥᠨᠢ ᠠᠴᠠ ᠳᠠᠷᠠᠭ᠎ᠠ ᠡᠳᠦᠷ ᠤᠨ ᠦᠷ ᠴᠠᠶᠢᠲᠠᠯ᠎ᠠ ᠲᠣᠯᠣᠭᠠᠢ ᠪᠠᠨ ᠴᠣᠬᠤᠶᠢᠯᠭᠠᠬᠤ᠂ ᠵᠢᠭᠠᠰᠤ ᠶᠡᠭᠡ | ᠬᠡᠮᠵᠢᠶ᠎ᠡ ᠪᠠᠷ ᠦᠬᠦᠬᠦ ᠠᠴᠠ ᠰᠡᠷᠭᠡᠶᠢᠯᠡᠨ᠎ᠡ᠃ ᠵᠢᠭᠠᠰᠤᠨ ᠤ ᠰᠦᠷᠦᠭ ᠨᠢ ᠲᠣᠯᠣᠭᠠᠢ ᠪᠠᠨ ᠴᠣᠬᠤᠶᠢᠯᠭᠠᠬᠤ | ᠰᠢᠨᠵᠢ ᠲᠠᠢ ᠦᠶ᠎ᠡ ᠳᠤ ᠳᠠᠷᠤᠢ ᠲᠦᠷᠭᠡᠨ ᠬᠦᠴᠢᠯᠲᠥ᠋ᠷᠥᠭᠴᠢ ᠨᠡᠮᠡᠭᠳᠡᠭᠦᠯᠬᠦ ᠮᠠᠰᠢᠨ ᠢᠶᠠᠨ ᠨᠡᠭᠡᠭᠡᠨ᠎ᠡ᠃ | ᠬᠦᠴᠢᠯᠲᠥ᠋ᠷᠥᠭᠴᠢ ᠨᠡᠮᠡᠭᠳᠡᠭᠦᠯᠬᠦ ᠮᠠᠰᠢᠨ ᠲᠣᠬᠢᠷᠠᠭᠤᠯᠤᠭᠰᠠᠨ ᠦᠭᠡᠢ ᠪᠤᠶᠤ ᠴᠠᠬᠢᠯᠭᠠᠨ ᠵᠣᠭᠰᠣᠬᠤ ᠠᠶᠤᠯ ᠲᠠᠢ | ᠪᠠᠶᠢᠪᠠᠯ᠂ ᠰᠢᠨ᠎ᠡ ᠤᠰᠤ ᠨᠡᠮᠡᠬᠦ ᠪᠤᠶᠤ ᠪᠦᠬᠦ ᠲᠠᠲᠠᠭᠠᠯ ᠳᠤ ᠬᠦᠴᠢᠯᠲᠥ᠋ᠷᠥᠭᠴᠢ ᠨᠡᠮᠡᠭᠳᠡᠭᠦᠯᠬᠦ ᠡᠳ᠋ ᠰᠠᠴᠤᠬᠤ | ᠠᠷᠭ᠎ᠠ ᠪᠠᠷ ᠬᠦᠴᠢᠯᠲᠥ᠋ᠷᠥᠭᠴᠢ ᠶᠢ ᠨᠡᠮᠡᠭᠳᠡᠭᠦᠯᠦᠨ᠎ᠡ᠃ ᠠᠯᠢ ᠴᠢᠳᠠᠬᠤ ᠪᠠᠷ ᠵᠢᠭᠠᠰᠤᠨ ᠤ ᠪᠡᠶ᠎ᠡ ᠰᠢᠷᠬᠠᠲᠤᠬᠤ ᠠᠴᠠ | ᠵᠠᠶᠢᠯᠠᠰᠬᠢᠵᠦ᠂ ᠵᠢᠭᠠᠰᠤᠨ ᠤ ᠪᠡᠶ᠎ᠡ ᠰᠢᠷᠬᠠᠲᠤᠭᠰᠠᠨ ᠪᠠᠶᠢᠪᠠᠯ ᠳᠠᠷᠦ᠋ᠢᠬᠠᠨ ᠠᠷᠢᠭᠤᠳᠬᠠᠬᠤ ᠠᠷᠭ᠎ᠠ ᠬᠡᠮᠵᠢᠶ᠎ᠡ ᠠᠪᠤᠨ᠎ᠠ | ᠃ ᠰᠥᠨᠢ ᠳᠡᠭᠡᠨ ᠬᠤᠯᠠᠭᠠᠢ ᠶᠢ ᠰᠡᠷᠭᠡᠶᠢᠯᠡᠬᠦ ᠲᠣᠭᠤᠷᠢᠨ ᠪᠠᠶᠢᠴᠠᠭᠠᠯᠲᠠ ᠶᠢ ᠴᠢᠩᠭᠠᠳᠬᠠᠬᠤ ᠬᠡᠷᠡᠭᠲᠡᠢ᠃ | 4. ᠴᠠᠭ ᠲᠤᠨᠢ ᠲᠣᠬᠢᠷᠠᠭᠤᠯᠤᠨ ᠠᠩᠨᠠᠨ᠎ᠠ᠄ ᠵᠠᠬ᠎ᠠ ᠳᠡᠯᠭᠡᠭᠦᠷ ᠤᠨ ᠬᠤᠳᠠᠯᠳᠤᠬᠤ ᠦᠨ᠎ᠡ ᠶᠢ ᠦᠨᠳᠦᠰᠦᠯᠡᠨ᠂ | ᠴᠠᠭ ᠲᠤᠨᠢ ᠲᠣᠬᠢᠷᠠᠭᠤᠯᠤᠨ ᠵᠠᠬ᠎ᠠ ᠳᠡᠯᠭᠡᠭᠦᠷ ᠲᠤ ᠭᠠᠷᠭᠠᠬᠤ ᠪᠠᠷᠢᠮᠵᠢᠶ᠎ᠠ ᠳᠤ ᠬᠦᠷᠦᠭᠰᠡᠨ ᠲᠣᠮᠣ ᠵᠢᠭᠠᠰᠤ ᠶᠢ | ᠠᠩᠨᠠᠨ᠎ᠠ᠂ ᠢᠩᠭᠢᠪᠡᠯ ᠵᠢᠭᠠᠰᠤᠨ ᠴᠥᠭᠦᠷᠥᠮ ᠳᠠᠬᠢ ᠲᠡᠵᠢᠭᠡᠨ ᠦᠷᠡᠵᠢᠭᠦᠯᠬᠦ ᠵᠢᠭᠠᠰᠤᠨ ᠤ ᠲᠥᠷᠥᠯ ᠤᠨ | ᠨᠢᠭᠲᠠᠴᠠ ᠶᠢ ᠪᠠᠭᠤᠷᠠᠭᠤᠯᠵᠤ᠂ ᠵᠢᠭᠠᠰᠤᠨ ᠴᠥᠭᠦᠷᠥᠮ ᠤᠨ ᠵᠢᠭᠠᠰᠤᠨ ᠤ ᠳᠠᠭᠠᠭᠠᠴᠠ ᠶᠢᠨ ᠳᠠᠷᠤᠯᠲᠠ ᠶᠢ | ᠪᠠᠭᠤᠷᠠᠭᠤᠯᠤᠨ᠂ ᠦᠯᠡᠳᠡᠭᠰᠡᠨ ᠲᠡᠵᠢᠭᠡᠨ ᠦᠷᠡᠵᠢᠭᠦᠯᠬᠦ ᠵᠢᠭᠠᠰᠤᠨ ᠤ ᠲᠥᠷᠥᠯ ᠤᠨ ᠥᠰᠦᠯᠲᠡ ᠶᠢ ᠠᠬᠢᠭᠤᠯᠤᠨ᠎ᠠ᠃ | ᠡᠭᠦᠨ ᠤ ᠬᠠᠮᠲᠤ ᠲᠠᠸᠠᠷ ᠤᠨ ᠵᠢᠭᠠᠰᠤᠨ ᠤ ᠵᠠᠬ᠎ᠠ ᠳᠡᠯᠭᠡᠭᠦᠷ ᠲᠤ ᠲᠥᠪᠯᠡᠷᠡᠨ ᠭᠠᠷᠬᠤ ᠣᠷᠭᠢᠯ ᠤᠨ | ᠬᠤᠭᠤᠴᠠᠭ᠎ᠠ ᠠᠴᠠ ᠵᠠᠶᠢᠯᠠᠰᠬᠢᠨ᠎ᠡ᠃ ᠠᠩᠨᠠᠬᠤ ᠠᠴᠠ ᠡᠮᠦᠨ᠎ᠡ ᠨᠢᠭᠡ ᠡᠳᠦᠷ ᠤᠨ ᠡᠮᠦᠨ᠎ᠡ᠂ ᠲᠡᠵᠢᠭᠡᠬᠦ ᠪᠠᠨ | ᠵᠣᠭᠰᠣᠬᠤ ᠪᠤᠶᠤ ᠲᠡᠵᠢᠭᠡᠬᠦ ᠶᠢ ᠨᠢ ᠪᠠᠭᠠᠰᠬᠠᠨ᠎ᠠ᠂ ᠵᠢᠭᠠᠰᠤ ᠴᠠᠳᠲᠠᠯ᠎ᠠ ᠢᠳᠡᠪᠡᠯ ᠥᠭᠡᠰᠢ ᠲᠠᠲᠠᠬᠤ᠂ | ᠵᠥᠭᠡᠭᠡᠪᠦᠷᠢᠯᠡᠬᠦ ᠶᠠᠪᠤᠴᠠ ᠳᠤ ᠠᠮᠠᠷᠬᠠᠨ ᠦᠬᠦᠳᠡᠭ᠃ ᠠᠩᠨᠠᠬᠤ ᠠᠴᠠ ᠡᠮᠦᠨ᠎ᠡ ᠨᠢᠭᠡ ᠡᠳᠦᠷ ᠤᠨ ᠳᠣᠲᠣᠷ᠎ᠠ | ᠲᠡᠵᠢᠭᠡᠬᠦ ᠪᠠᠨ ᠵᠣᠭᠰᠣᠨ᠎ᠠ᠃ ᠠᠩᠨᠠᠬᠤ ᠳᠠᠭᠠᠨ ᠴᠠᠭ ᠠᠭᠤᠷ ᠨᠢ ᠲᠤᠩᠭᠠᠯᠠᠭ ᠰᠠᠶᠢᠬᠠᠨ᠂ ᠤᠰᠤᠨ ᠤ ᠳᠤᠯᠠᠭᠠᠨ ᠨᠢ | ᠲᠣᠬᠢᠷᠠᠮᠵᠢᠲᠠᠢ᠂ ᠬᠦᠴᠢᠯᠲᠥ᠋ᠷᠥᠭᠴᠢ ᠠᠭᠤᠰᠬᠤ ᠨᠢ ᠨᠡᠯᠢᠶᠡᠳ ᠥᠨᠳᠥᠷ᠂ ᠵᠢᠭᠠᠰᠤ ᠲᠣᠯᠣᠭᠠᠢ ᠪᠠᠨ ᠴᠣᠬᠤᠶᠢᠯᠭᠠᠬᠤ | ᠦᠭᠡᠢ ᠦᠷ ᠴᠠᠶᠢᠬᠤ ᠦᠶ᠎ᠡ ᠳᠤ ᠠᠩᠨᠠᠳᠠᠭ᠃ ᠪᠦᠭᠴᠢᠮ᠎ᠡ ᠬᠠᠯᠠᠭᠤᠨ᠂ ᠣᠷᠣᠢ ᠪᠣᠯᠬᠤ ᠳᠤ ᠵᠢᠭᠠᠰᠤ | ᠲᠣᠯᠣᠭᠠᠢ ᠪᠠᠨ ᠴᠣᠬᠤᠶᠢᠯᠭᠠᠬᠤ ᠦᠶ᠎ᠡ ᠳᠤ ᠥᠭᠡᠰᠢ ᠲᠠᠲᠠᠵᠤ ᠠᠩᠨᠠᠵᠤ ᠱᠦᠭᠦᠵᠦ ᠪᠣᠯᠬᠤ ᠦᠭᠡᠢ᠃ ᠲᠣᠣᠷ | ᠲᠠᠲᠠᠭᠰᠠᠨ ᠤ ᠳᠠᠷᠠᠭ᠎ᠠ ᠬᠦᠴᠢᠯᠲᠥ᠋ᠷᠥᠭᠴᠢ ᠨᠡᠮᠡᠬᠦ ᠮᠠᠰᠢᠨ ᠢ ᠴᠠᠭ ᠲᠤᠬᠠᠢ ᠳᠤᠨᠢ ᠨᠡᠭᠡᠭᠡᠵᠦ᠂ ᠵᠣᠬᠢᠬᠤ ᠬᠡᠮᠵᠢᠶᠡᠨ ᠤ | ᠰᠢᠨ᠎ᠡ ᠤᠰᠤ ᠨᠡᠮᠡᠵᠦ ᠣᠷᠣᠭᠤᠯᠤᠨ᠎ᠠ᠃ ᠡᠳᠦᠷ ᠪᠦᠷᠢ ᠵᠢᠭᠠᠰᠤᠨ ᠴᠥᠭᠦᠷᠥᠮ ᠤᠨ ᠬᠥᠪᠡᠭᠡ ᠪᠠᠷ ᠵᠢᠭᠠᠰᠤᠨ ᠤ | ᠠᠵᠢᠯᠯᠠᠭ᠎ᠠ ᠶᠢᠨ ᠪᠠᠶᠢᠳᠠᠯ᠂ ᠢᠳᠡᠵᠦ ᠪᠠᠶᠢᠭ᠎ᠠ ᠪᠠᠶᠢᠳᠠᠯ᠂ ᠪᠡᠶ᠎ᠡ ᠶᠢᠨ ᠥᠩᠭᠡ ᠵᠡᠷᠭᠡ ᠶᠢ ᠪᠠᠶᠢᠴᠠᠭᠠᠨ᠎ᠠ᠃ | ᠠᠵᠢᠭᠯᠠᠬᠤ ᠳᠤ ᠠᠮᠢᠵᠢᠷᠠᠯ ᠤᠨ ᠬᠦᠴᠦᠨ ᠢᠶᠠᠷ ᠠᠨᠠᠢ᠂ ᠵᠠᠶᠢᠯᠠᠬᠤ ᠲᠤᠰᠬᠠᠯ ᠨᠢ ᠪᠠᠭᠤᠷᠠᠢ᠂ ᠪᠡᠶ᠎ᠡ ᠶᠢᠨ ᠥᠩᠭᠡ ᠨᠢ | ᠪᠦᠳᠡᠭᠢ ᠪᠤᠶᠤ ᠬᠠᠷᠠᠯᠠᠵᠤ᠂ ᠵᠢᠭᠠᠰᠤᠨ ᠤ ᠪᠡᠶ᠎ᠡ ᠶᠢᠨ ᠭᠠᠳᠠᠷ ᠪᠠᠶᠢᠳᠠᠯ ᠨᠢ ᠳᠤᠲᠠᠭᠤ᠂ ᠴᠠᠶᠢᠷᠠᠬᠤ᠂ ᠲᠣᠯᠣᠭᠠᠢ ᠪᠠᠨ | ᠴᠣᠬᠤᠶᠢᠯᠭᠠᠬᠤ᠂ ᠰᠦᠷᠦᠭ ᠠᠴᠠ ᠪᠠᠨ ᠰᠠᠯᠬᠤ᠂ ᠮᠠᠩᠰᠢᠭᠤᠷᠠᠨ ᠤᠨᠲᠠᠵᠤ ᠬᠥᠳᠡᠯᠬᠦ ᠦᠭᠡᠢ᠂ ᠢᠳᠡᠰᠢ ᠭᠤᠯᠣᠵᠤ | ᠪᠠᠶᠢᠪᠠᠯ ᠵᠢᠭᠠᠰᠤᠨ ᠤ ᠡᠷᠡᠭᠦᠯ ᠮᠡᠨᠳᠦ ᠳᠤ ᠠᠰᠠᠭᠤᠳᠠᠯ ᠭᠠᠷᠤᠭᠰᠠᠨ ᠪᠠᠶᠢᠵᠤ ᠮᠡᠳᠡᠨ᠎ᠡ᠃ ᠤᠯᠠᠮ ᠨᠢᠭᠡ ᠠᠯᠬᠤᠮ | ᠪᠠᠶᠢᠴᠠᠭᠠᠵᠤ᠂ ᠡᠪᠡᠳᠴᠢᠨ ᠤ ᠰᠢᠯᠲᠠᠭᠠᠨ ᠢ ᠨᠢ ᠲᠣᠭᠲᠠᠭᠠᠭᠰᠠᠨ ᠤ ᠳᠠᠷᠠᠭ᠎ᠠ ᠴᠠᠭ ᠲᠤᠬᠠᠢ ᠳᠤᠨᠢ ᠬᠠᠨᠳᠤᠯᠭᠠᠲᠤ | ᠴᠢᠨᠠᠷᠲᠠᠢ ᠬᠢᠵᠠᠭᠠᠷᠯᠠᠬᠤ ᠠᠷᠭ᠎ᠠ ᠬᠡᠮᠵᠢᠶ᠎ᠡ ᠠᠪᠬᠤ ᠴᠢᠬᠤᠯᠠᠲᠠᠢ᠃ ᠡᠮ ᠢ ᠰᠣᠩᠭᠤᠬᠤ ᠳᠠᠭᠠᠨ ︽ᠤᠰᠤᠨ | ᠭᠠᠷᠤᠯᠲᠠ ᠶᠢᠨ ᠲᠡᠵᠢᠭᠡᠨ ᠦᠷᠡᠵᠢᠭᠦᠯᠬᠦ ᠳᠤ ᠡᠮ ᠬᠡᠷᠡᠭᠯᠡᠬᠦ ᠲᠣᠳᠣᠷᠬᠠᠢ ᠴᠠᠭᠠᠰᠤ 2022 ᠣᠨ ᠤ 1᠂ 2 ᠳ᠋ᠤᠭᠠᠷ | ᠲᠣᠭᠠᠲᠤ︾ ᠶᠢ ᠦᠨᠳᠦᠰᠦᠯᠡᠬᠦ ᠬᠡᠷᠡᠭᠲᠡᠢ᠃ | | |