| ᠮᠤᠩᠭᠤᠯ ᠠᠨᠠᠭᠠᠬᠤ ᠤᠬᠠᠭᠠᠨ ᠳᠤ ᠬᠡᠢ ᠶᠠᠳᠠᠷᠠᠭ᠎ᠠ᠂ ᠪᠡᠶ᠎ᠡ ᠰᠤᠯᠠᠷᠠᠬᠤ᠂ ᠲᠠᠷᠬᠠᠯᠠᠭ᠎ᠠ ᠮᠠᠭᠤᠳᠠᠬᠤ ᠶᠢ | ᠵᠠᠰᠠᠬᠤ ᠳᠤ ᠮᠠᠯ ᠤᠨ ᠶᠠᠰᠤᠨ ᠤ ᠱᠦᠯᠦ ᠶᠢ ᠤᠯᠠᠨ ᠶᠠᠩᠵᠤ ᠪᠠᠷ ᠪᠤᠯᠪᠠᠰᠤᠷᠠᠭᠤᠯᠤᠨ ᠬᠡᠷᠡᠭᠯᠡᠵᠤ ᠵᠠᠩᠰᠢᠭᠰᠠᠨ ᠶᠤᠮ᠃ | ᠲᠡᠭᠡᠪᠡᠯ ᠲᠤᠤᠷ᠎ᠠ ᠲᠠ ᠪᠦᠬᠦᠨ ᠳᠤ ᠬᠤᠨᠢᠨ ᠤ ᠴᠢᠮᠦᠭᠡᠨ ᠤ ᠶᠠᠰᠤᠨ ᠱᠦᠯᠦ ᠶᠢ ᠭᠠᠷᠭᠠᠵᠤ ᠠᠪᠤᠭᠠᠳ | ᠬᠦᠯᠳᠡᠭᠡᠭᠰᠡᠨ ᠪᠠᠶᠢᠳᠠᠯ ᠢᠶᠠᠷ ᠡᠳᠦᠷ ᠲᠤᠳᠤᠮ ᠤᠨ ᠠᠮᠢᠳᠤᠷᠠᠯ ᠳᠠᠭᠠᠨ ᠬᠡᠷᠬᠢᠨ ᠬᠡᠷᠡᠭᠯᠡᠵᠤ ᠠᠴᠢ ᠲᠤᠰᠠ ᠶᠢ ᠨᠢ | ᠬᠦᠷᠳᠡᠬᠦ ᠶᠢ ᠲᠠᠨᠢᠯᠴᠠᠭᠤᠯᠤᠨ ᠬᠦᠷᠭᠡᠶ᠎ᠡ᠃ | ᠶᠠᠰᠤᠨ ᠤ ᠱᠦᠯᠦ ᠲᠡᠷᠡ ᠲᠤᠰᠤᠮ ᠢᠶᠠᠨ ᠬᠤᠨᠢᠨ ᠤ ᠴᠢᠮᠦᠭᠡᠨ ᠤ ᠶᠠᠰᠤᠨ ᠤ ᠠᠴᠢ ᠲᠤᠰᠠ ᠶᠢ ᠬᠡᠯᠡᠭᠡᠳ | ᠪᠠᠷᠠᠰᠢ ᠦᠭᠡᠢ ᠪᠦᠭᠡᠳ ᠬᠦᠮᠦᠨ ᠤ ᠪᠡᠶ᠎ᠡ ᠳᠤ ᠬᠡᠷᠡᠭᠴᠡᠭᠡᠳᠡᠢ ᠺᠠᠯᠼ᠂ ᠡᠷᠦᠳᠡᠰᠦ ᠪᠤᠳᠠᠰ᠂ ᠰᠢᠮ᠎ᠡ ᠪᠠᠷ ᠲᠦᠭᠦᠷᠡᠩ | ᠪᠠᠶᠢᠳᠠᠭ᠃ ᠮᠡᠰᠡ ᠵᠠᠰᠠᠯ ᠳᠤ ᠤᠷᠤᠭᠰᠠᠨ᠂ ᠶᠠᠳᠠᠷᠠᠵᠤ ᠰᠤᠯᠳᠠᠶᠢᠭᠰᠠᠨ ᠬᠦᠮᠦᠨ ᠳᠤ ᠲᠠᠮᠢᠷ ᠲᠡᠩᠬᠡᠭᠡ ᠤᠷᠤᠭᠤᠯᠬᠤ | ᠵᠤᠷᠢᠯᠭ᠎ᠠ ᠪᠠᠷ ᠬᠤᠭᠤᠯᠠ ᠬᠦᠨᠡᠰᠦᠨ ᠳᠤ ᠬᠡᠷᠡᠭᠯᠡᠬᠦ ᠶᠢᠨ ᠲᠠᠭᠠᠤ ᠪᠠᠰᠠ ᠡᠳᠦᠷ ᠲᠤᠳᠤᠮ ᠤᠨ ᠴᠠᠢ ᠬᠤᠭᠤᠯᠠ | ᠴᠢᠨᠠᠬᠤ ᠳᠠᠭᠠᠨ᠂ ᠭᠤᠯᠢᠷ ᠨᠤᠬᠤᠬᠤ ᠳᠠᠭᠠᠨ᠂ ᠬᠡᠥᠬᠡᠳ ᠲᠤ ᠭᠤᠯᠢᠷ ᠲᠠᠢ ᠱᠦᠯᠦ ᠬᠢᠬᠦ᠂ ᠬᠠᠯᠠᠭᠤᠨ ᠲᠤᠭᠤᠭ᠎ᠠ | ᠬᠢᠬᠦ᠂ ᠮᠦᠨ ᠨᠢᠷᠠᠢ ᠬᠡᠥᠬᠡᠳ ᠢ ᠤᠰᠤᠨ ᠳᠤ ᠤᠷᠤᠭᠤᠯᠬᠤ ᠳᠠᠭᠠᠨ ᠪᠦᠷ ᠬᠡᠷᠡᠭᠯᠡᠵᠤ ᠪᠤᠯᠳᠠᠭ᠃ ᠨᠢᠷᠠᠢ | ᠬᠡᠥᠬᠡᠳ ᠲᠤ ᠭᠤᠯᠢᠷ ᠲᠠᠢ ᠱᠦᠯᠦ ᠬᠢᠬᠦ᠂ ᠤᠰᠤᠨ ᠳᠤ ᠤᠷᠤᠭᠤᠯᠬᠤ ᠳᠠᠭᠠᠨ ᠬᠡᠷᠡᠭᠯᠡᠪᠡᠯ᠂ ᠬᠠᠨᠢᠶᠠᠳᠦ ᠲᠤᠮᠤᠭᠤ᠂ | ᠬᠠᠳᠬᠤᠭ᠎ᠠ ᠲᠤᠰᠬᠤ ᠦᠬᠡᠢ ᠪᠠᠶᠢᠵᠤ᠂ ᠲᠠᠷᠬᠠᠯᠠᠭ᠎ᠠ ᠨᠡᠩ ᠰᠠᠶᠢᠵᠢᠷᠠᠵᠤ ᠡᠯᠳᠡᠪ ᠡᠪᠡᠳᠴᠢᠨ ᠠᠴᠠ ᠠᠩᠬᠢᠳᠠ | ᠪᠠᠶᠢᠵᠤ ᠴᠢᠳᠠᠨ᠎ᠠ᠃ | ᠬᠢᠬᠦ ᠠᠷᠭ᠎ᠠ᠄ ᠬᠤᠨᠢᠨ ᠤ ᠴᠢᠮᠦᠭᠡ ᠶᠢ ᠱᠤᠯᠤᠭᠠᠳ ᠪᠢᠳᠡᠬᠦᠦ ᠴᠢᠨᠠᠭᠴᠢ ᠲᠤᠭᠤᠭ᠎ᠠ ᠳᠤ ᠬᠢᠵᠤ᠂ | ᠪᠤᠴᠠᠯᠤᠭᠠᠳ ᠡᠬᠢᠯᠡᠩᠭᠦᠳᠡ ᠭᠠᠯ ᠢ ᠪᠠᠭᠠᠰᠬᠠᠵᠤ ᠬᠠᠮᠤᠭ ᠤᠨ ᠪᠠᠭ᠎ᠠ ᠲᠡᠭᠡᠷ᠎ᠡ ᠨᠢ ᠲᠠᠯᠪᠢᠭᠠᠳ 5 — 10 ᠴᠠᠭ | ᠪᠤᠴᠠᠯᠭᠠᠨ᠎ᠠ᠃ ᠢᠡᠭᠬᠢᠭᠡᠳ ᠴᠢᠮᠦᠭᠡᠨ ᠤ ᠶᠠᠰᠤᠨ ᠤ ᠰᠢᠮ᠎ᠡ ᠰᠢᠬᠦᠰᠦ᠂ ᠡᠷᠦᠳᠡᠰᠤ ᠪᠤᠳᠠᠰ ᠱᠦᠯᠦᠨ ᠳᠤ | ᠰᠢᠩᠭᠡᠬᠦ ᠪᠠᠷ ᠶᠠᠰᠦ ᠶᠢ ᠨᠢ ᠢᠯᠭᠠᠨ ᠠᠪᠴᠦ ᠬᠠᠶᠠᠨ᠎ᠠ᠃ ᠱᠦᠯᠦ ᠶᠢ ᠰᠠᠶᠢᠳᠦᠷ ᠬᠦᠷᠦᠭᠡᠨᠡ᠃ ᠪᠤᠴᠠᠯᠭᠠᠬᠤ | ᠶᠠᠪᠤᠴᠠ ᠳᠤ ᠲᠡᠭᠡᠷ᠎ᠡ ᠨᠢ ᠢᠯᠭᠠᠷᠠᠭᠰᠠᠨ ᠲᠤᠰᠤ ᠶᠢ ᠱᠦᠭᠦᠵᠤ ᠢᠯᠭᠠᠵᠤ ᠠᠪᠤᠭᠠᠳ ᠰᠠᠪᠠᠨ ᠳᠤ ᠬᠢᠵᠤ | ᠬᠦᠯᠳᠡᠭᠡᠭᠡᠳ ᠪᠠᠭ᠎ᠠ ᠪᠠᠭ᠎ᠠ ᠪᠠᠷ ᠬᠡᠷᠡᠭᠯᠡᠵᠤ ᠪᠤᠯᠤᠨ᠎ᠠ᠃ ᠬᠦᠷᠦᠭᠡᠭᠰᠡᠨ ᠱᠦᠯᠦ ᠪᠠᠨ ᠬᠦᠯᠳᠡᠭᠡᠭᠦᠷ ᠲᠤ ᠬᠢᠵᠤ | ᠬᠠᠳᠠᠭᠠᠯᠠᠵᠤ ᠤᠳᠠᠭᠠᠨ ᠬᠤᠭᠤᠴᠠᠭ᠎ᠠ ᠬᠡᠷᠡᠭᠯᠡᠨ᠎ᠡ᠃ | |