| ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠤ ᠬᠤᠳᠠ ᠪᠠᠯᠭᠠᠰᠤᠨ ᠤ ᠪᠦᠳᠤᠭᠡᠨ ᠪᠠᠶᠢᠭᠤᠯᠤᠯᠳᠠ ᠳᠤ | ᠬᠡᠷᠡᠭᠯᠡᠬᠦ ᠭᠠᠵᠠᠷ ᠤᠨ ᠨᠡᠮᠡᠭᠳᠡᠯ ᠪᠤᠯᠤᠨ ᠬᠦᠳᠡᠭᠡ ᠲᠤᠰᠬᠤᠨ ᠤ ᠪᠦᠳᠤᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ | ᠬᠠᠰᠤᠭᠳᠠᠯ ᠢ ᠬᠠᠷᠢᠯᠴᠠᠨ ᠬᠤᠯᠪᠤᠭᠳᠠᠭᠤᠯᠬᠤ ᠲᠦᠷᠤᠯ ᠵᠦᠢᠯ ᠢ ᠲᠤᠷᠰᠢᠨ ᠬᠡᠷᠡᠭᠵᠢᠭᠦᠯᠦᠭᠰᠡᠨ ᠬᠤᠶᠠᠷ ᠵᠢᠯ | ᠲᠤᠳᠤᠷ᠎ᠠ ᠤᠳᠤ ᠪᠠᠶᠢᠭ᠎ᠠ ᠲᠠᠷᠢᠶ᠎ᠠ ᠶᠢ ᠬᠠᠮᠠᠭᠠᠯᠠᠭᠰᠠᠨ ᠤ ᠰᠠᠭᠤᠷᠢᠨ ᠲᠡᠭᠡᠷ᠎ᠠ 4631.63 ᠮᠤ᠋ ᠰᠤᠯᠠ ᠭᠠᠵᠠᠷ ᠢ | ᠲᠠᠬᠢᠨ ᠠᠰᠢᠬᠯᠠᠪᠠ᠃ | ᠵᠠᠯᠠᠶᠢᠳ ᠬᠤᠰᠢᠭᠤᠨ ᠤ ᠪᠦᠬᠦ ᠤᠷᠤᠨ ᠲᠤᠭᠤᠷᠢᠭ ᠤᠨ ᠭᠠᠵᠠᠷ ᠰᠢᠷᠤᠢ ᠶᠢ ᠶᠡᠷᠤᠩᠬᠡᠶᠢᠯᠡᠨ ᠴᠡᠭᠴᠡᠯᠡᠨ | ᠵᠠᠰᠠᠬᠤ ᠬᠤᠳᠠ ᠪᠠᠯᠭᠠᠰᠤᠨ ᠤ ᠪᠦᠳᠤᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠨᠡᠮᠡᠭᠳᠡᠯ ᠪᠤᠯᠤᠨ ᠬᠦᠳᠡᠭᠡ | ᠲᠤᠰᠬᠤᠨ ᠤ ᠪᠦᠳᠤᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠬᠠᠰᠤᠭᠳᠠᠯ ᠢ ᠬᠠᠷᠢᠯᠴᠠᠨ ᠬᠤᠯᠪᠤᠭᠳᠠᠭᠤᠯᠬᠤ | ᠲᠦᠷᠤᠯ ᠵᠦᠢᠯ ᠤᠨ ᠶᠦᠩ ᠰᠢᠩ ᠲᠤᠰᠬᠤᠨ ᠤ ᠲᠠᠬᠢᠨ ᠪᠤᠴᠠᠵᠤ ᠲᠦᠪᠬᠢᠨᠡᠬᠦᠯᠬᠦ ᠰᠢᠨ᠎ᠡ ᠤᠷᠤᠨ ᠲᠤᠭᠤᠷᠢᠭ ᠲᠤ | ᠰᠠᠭᠤᠭᠠᠯᠢ ᠠᠷᠠᠳ ᠤᠨ ᠰᠢᠨ᠎ᠠ ᠠᠰᠠᠷ ᠰᠦᠭᠯᠡᠶᠢᠨ᠂ ᠲᠤᠰᠬᠤᠨ ᠤ ᠠᠷᠠᠳ ᠪᠤᠤ ᠰᠢ ᠰᠢᠨ᠎ᠠ ᠠᠰᠠᠷ ᠪᠠ ᠰᠠᠭᠤᠭᠠᠯᠢ | ᠲᠤᠭᠤᠷᠢᠭ ᠤᠨ ᠲᠡᠬᠦᠯᠳᠡᠷᠵᠢᠭᠰᠡᠨ ᠲᠤᠨᠤᠭ ᠲᠦᠬᠦᠭᠡᠷᠤᠮᠵᠢ ᠶᠢ ᠬᠠᠷᠠᠭᠠᠳ ᠲᠦᠢᠯ ᠤᠨ ᠪᠠᠶᠠᠷᠳᠠᠢ ᠪᠠᠶᠢᠯ᠎ᠠ᠃ ︽ | ᠪᠢᠳᠠ ᠤᠳᠠᠯ ᠦᠭᠡᠢ ᠰᠢᠨ᠎ᠠ ᠠᠰᠠᠷ ᠲᠤ ᠨᠡᠬᠦᠬᠦ ᠪᠠᠷ ᠪᠤᠢ᠂ ᠡ᠊ᠨᠠ ᠵᠢᠯ ᠤᠨ ᠡᠪᠤᠯ ᠨᠡᠬᠦᠷᠡᠰᠤ ᠰᠢᠳᠠᠭᠠᠬᠤ ᠴᠢᠬᠤᠯᠠ | ᠦᠭᠡᠢ ᠪᠤᠯᠵᠠᠢ᠂ ᠰᠢᠨ᠎ᠠ ᠠᠰᠠᠷ ᠲᠠᠭᠠᠨ ᠨᠡᠬᠦᠵᠤ ᠤᠷᠤᠬᠤ ᠶᠢ ᠲᠦᠢᠯ ᠢᠶᠠᠷ ᠬᠦᠰᠡᠵᠤ ᠪᠤᠢ︾ ᠭᠡᠪᠠ᠃ | ᠨᠢᠳᠤᠨᠤᠨ᠂ ᠬᠤᠯᠪᠤᠭ᠎ᠠ ᠪᠠᠯᠭᠠᠰᠤ ᠪᠦᠬᠦ ᠤᠷᠤᠨ ᠲᠤᠭᠤᠷᠢᠭ ᠤᠨ ᠬᠤᠳᠠ ᠪᠠᠯᠭᠠᠰᠤᠨ ᠤ ᠪᠦᠳᠤᠭᠡᠨ | ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠨᠡᠮᠡᠭᠳᠡᠯ ᠪᠤᠯᠤᠨ ᠬᠦᠳᠡᠭᠡ ᠲᠤᠰᠬᠤᠨ ᠤ ᠪᠦᠳᠤᠭᠡᠨ ᠪᠠᠶᠢᠭᠤᠯᠤᠯᠳᠠ ᠳᠤ | ᠬᠡᠷᠡᠭᠯᠡᠬᠦ ᠭᠠᠵᠠᠷ ᠤᠨ ᠬᠠᠰᠤᠭᠳᠠᠯ ᠢ ᠬᠠᠷᠢᠯᠴᠠᠨ ᠬᠤᠯᠪᠤᠭᠳᠠᠭᠤᠯᠬᠤ ᠲᠦᠷᠤᠯ ᠵᠦᠢᠯ ᠤᠨ ᠲᠤᠷᠰᠢᠯᠭ᠎ᠠ ᠶᠢᠨ ᠴᠡᠭ | ᠪᠤᠯᠵᠦ᠂ ᠰᠢᠶᠠᠨ ᠹᠧᠩ ᠲᠤᠰᠬᠤᠨ᠂ ᠱᠦᠢ ᠲᠢᠶᠠᠨ ᠲᠤᠰᠬᠤᠨ᠂ ᠶᠦᠩ ᠰᠢᠩ ᠲᠤᠰᠬᠤᠨ᠂ ᠡᠣ ᠵᠢᠶᠠ ᠽᠢ | ᠲᠤᠰᠬᠤᠨ ᠵᠡᠷᠭᠡ 4 ᠲᠤᠰᠬᠤᠨ 16 ᠠᠶᠢᠯ ᠢ ᠲᠤᠰ ᠲᠦᠷᠤᠯ ᠵᠦᠢᠯ ᠤᠨ ᠪᠦᠳᠤᠭᠡᠨ ᠪᠠᠶᠢᠭᠤᠯᠤᠯᠳᠠ ᠶᠢᠨ ᠬᠦᠷᠢᠶ᠎ᠠ | ᠬᠡᠪᠴᠢᠶᠡᠨ ᠳᠤ ᠤᠷᠤᠭᠤᠯᠵᠠᠢ᠃ ᠲᠤᠰ ᠲᠦᠷᠤᠯ ᠵᠦᠢᠯ ᠳᠤ ᠭᠠᠭᠴᠠ ᠲᠤᠰᠬᠤᠨ ᠢ ᠲᠦᠪᠬᠢᠨᠡᠬᠦᠯᠬᠦ ᠪᠠ ᠤᠯᠠᠨ | ᠲᠤᠰᠬᠤᠨ ᠢ ᠬᠤᠯᠪᠤᠭᠠᠯᠠᠨ ᠪᠠᠶᠢᠭᠤᠯᠬᠤ ᠠᠷᠭ᠎ᠠ ᠪᠠᠷ ᠲᠦᠪᠬᠢᠨᠡᠬᠦᠯᠬᠦ ᠤᠷᠤᠨ ᠢ 3 ᠪᠠᠶᠢᠭᠤᠯᠬᠤ ᠪᠠᠷ ᠲᠦᠯᠤᠪᠯᠡᠨ᠂ | 36 ᠰᠠᠭᠤᠷᠢ ᠠᠰᠠᠷ ᠪᠠᠶᠢᠭᠤᠯᠤᠨ 970 ᠡᠷᠤᠬᠡ ᠶᠢ ᠪᠠᠭᠳᠠᠭᠠᠵᠦ᠂ ᠪᠠᠷᠢᠯᠭ᠎ᠠ ᠶᠢᠨ ᠶᠡᠷᠤᠩᠬᠡᠢ ᠲᠠᠯᠠᠪᠠᠢ ᠨᠢ 8.9 | ᠲᠦᠮᠡᠨ ᠲᠡᠭᠰᠢ ᠲᠦᠷᠪᠡᠯᠵᠢᠨ ᠮᠧᠲᠷ ᠲᠤ ᠬᠦᠷᠪᠡ᠃ ᠲᠤᠰ ᠲᠦᠷᠤᠯ ᠵᠦᠢᠯ ᠨᠢ ᠪᠠᠰᠠ 2388 ᠡᠷᠤᠬᠡ ᠶᠢ | ᠬᠠᠮᠤᠷᠴᠤ᠂ 2133 ᠡᠷᠦᠭᠡ ᠶᠢ ᠨᠡᠭᠦᠯᠭᠡᠬᠦ ᠪᠠᠷ ᠨᠢᠭᠡᠨᠳᠠ ᠭᠡᠷ᠎ᠠ ᠲᠤᠭᠳᠠᠵᠦ᠂ ᠨᠡᠬᠦᠬᠦ ᠨᠤᠷᠮ᠎ᠠ ᠶᠢ 89. | 32% ᠲᠤ ᠬᠦᠷᠭᠡᠪᠡ᠃ | ︽ᠲᠤᠰ ᠲᠦᠷᠤᠯ ᠵᠦᠢᠯ ᠳᠤ ᠠᠮᠤ ᠪᠤᠳᠠᠭ᠎ᠠ ᠬᠠᠳᠠᠭᠠᠯᠠᠬᠤ ᠲᠤᠭᠤᠷᠢᠭ ᠪᠠ ᠲᠠᠷᠢᠶᠠᠯᠠᠩ ᠤᠨ ᠮᠠᠰᠢᠨ ᠤ | ᠬᠦᠮᠤᠷᠭᠡ ᠪᠠᠶᠢᠭᠤᠯᠵᠤ᠂ ᠨᠢᠭᠡᠳᠤᠯᠳᠠᠢ ᠢᠯᠴᠢ ᠬᠠᠩᠭᠠᠬᠤ ᠪᠠ ᠪᠤᠵᠠᠷ ᠤᠰᠤ ᠶᠢ ᠨᠢᠭᠡᠳᠤᠯᠳᠠᠢ ᠭᠠᠳᠠᠭᠰᠢᠯᠠᠭᠤᠯᠬᠤ ᠶᠢ | ᠪᠡᠶᠡᠯᠡᠭᠦᠯᠵᠦ᠂ ᠪᠠᠰᠠ ᠬᠡᠥᠬᠡᠳ ᠤᠨ ᠴᠡᠴᠡᠷᠯᠢᠭ᠂ ᠡᠷᠡᠬᠦᠯ ᠬᠠᠮᠠᠭᠠᠯᠠᠯ ᠤᠨ ᠲᠠᠰᠤᠭ᠂ ᠬᠦᠷᠰᠢ ᠵᠡᠷᠭᠡᠯᠡᠳᠡᠭᠡ ᠶᠢᠨ | ᠲᠦᠪ ᠵᠡᠷᠭᠡ ᠶᠢ ᠨᠢᠭᠡᠳᠦᠯᠳᠠᠢ ᠲᠤᠬᠢᠷᠠᠭᠤᠯᠤᠨ᠂ ᠤᠯᠠᠨ ᠲᠦᠮᠡᠨ ᠤ ᠬᠡᠷᠡᠭᠯᠡᠬᠦ ᠰᠠᠩ ᠬᠦᠮᠤᠷᠭᠡ ᠶᠢ ᠪᠠᠶᠢᠭᠤᠯᠪᠠ︾ | ᠭᠡᠵᠤ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠯᠤ᠋ ᠶᠦᠩ ᠽᠧ ᠶᠠᠷᠢᠨ᠎ᠠ᠃ | | ᠵᠠᠯᠠᠶᠢᠳ ᠬᠤᠰᠢᠭᠤ ᠪᠤᠯ ᠪᠦᠬᠦ ᠤᠯᠤᠰ ᠤᠨ ᠠᠮᠤ ᠪᠤᠳᠠᠭᠠᠨ ᠤ ᠤᠨᠠᠯᠳᠠ ᠶᠢᠨ ᠲᠤᠮᠤ ᠰᠢᠶᠠᠨ ᠤ ᠨᠢᠬᠡ ᠪᠤᠯᠬᠤ | ᠶᠤᠮ᠃ ᠭᠠᠵᠠᠷ ᠰᠢᠷᠤᠢ ᠶᠢᠨ ᠡᠬᠢ ᠪᠠᠶᠠᠯᠢᠭ ᠢ ᠠᠷᠪᠢᠯᠠᠨ ᠠᠰᠢᠭᠯᠠᠬᠤ ᠨᠤᠷᠮ᠎ᠠ ᠶᠢ ᠲᠡᠭᠡᠭᠰᠢᠯᠡᠬᠦᠯᠬᠦ ᠪᠠᠷ᠂ ᠨᠢᠳᠤᠨᠤᠨ | ᠬᠤᠳᠠ ᠪᠠᠯᠭᠠᠰᠤᠨ ᠤ ᠪᠦᠳᠤᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠨᠡᠮᠡᠭᠳᠡᠯ ᠪᠤᠯᠤᠨ ᠬᠦᠳᠡᠭᠡ ᠲᠤᠰᠬᠤᠨ ᠤ | ᠪᠦᠳᠤᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠬᠠᠰᠤᠭᠳᠠᠯ ᠢ ᠬᠠᠷᠢᠯᠴᠠᠨ ᠬᠤᠯᠪᠤᠭᠳᠠᠭᠤᠯᠬᠤ ᠲᠦᠷᠤᠯ | ᠵᠦᠢᠯ ᠢ ᠬᠡᠷᠡᠭᠵᠢᠭᠦᠯᠵᠦ᠂ ︽ᠲᠠᠷᠢᠶᠠᠨ ᠭᠠᠵᠠᠷ ᠢ ᠲᠡᠭᠰᠢᠯᠡᠬᠦ᠂ ᠪᠦᠳᠤᠭᠡᠨ ᠪᠠᠶᠢᠭᠤᠯᠤᠯᠳᠠ ᠶᠢᠨ ᠭᠠᠵᠠᠷ ᠢ ᠲᠡᠭᠰᠢᠯᠡᠬᠦ | ᠂ ᠠᠮᠢ ᠠᠬᠤᠢ ᠶᠢᠨ ᠬᠠᠮᠠᠭᠠᠯᠠᠯᠳᠠ ᠶᠢ ᠰᠡᠷᠬᠦᠭᠡᠬᠦ᠂ ᠠᠵᠤ ᠦᠢᠯᠡᠰ ᠢ ᠠᠭᠤᠰᠤᠯᠴᠠᠭᠤᠯᠤᠨ ᠬᠦᠭᠵᠢᠬᠦᠯᠬᠦ᠂ ᠬᠦᠮᠤᠨ | ᠠᠷᠠᠳ ᠤᠨ ᠤᠷᠤᠰᠢᠨ ᠰᠠᠭᠤᠷᠢᠰᠢᠬᠤ ᠤᠷᠴᠢᠨ ᠨᠦᠬᠦᠴᠠᠯ ᠢ ᠰᠢᠯᠢᠳᠡᠭᠵᠢᠬᠦᠯᠬᠦ︾ ᠵᠡᠷᠭᠡ ᠲᠠᠪᠤᠨ ᠲᠠᠯ᠎ᠠ ᠪᠠᠷ ᠰᠤᠯᠠ | ᠭᠠᠵᠠᠷ᠂ ᠬᠦᠳᠡᠭᠡ ᠲᠤᠰᠬᠤᠨ ᠤ ᠠᠳᠠᠷᠰᠢᠭᠰᠠᠨ ᠭᠠᠵᠠᠷ ᠢ ᠲᠡᠬᠢᠨ ᠲᠤᠬᠢᠷᠠᠭᠤᠯᠤᠨ᠂ 5.8 ᠳ᠋ᠦᠩᠰᠢᠭᠤᠷ ᠲᠦᠬᠦᠷᠢᠭ | ᠪᠠᠯᠠ ᠤᠷᠤᠭᠤᠯᠵᠤ᠂ ᠲᠤᠬᠢᠷᠠᠮᠵᠢᠳᠠᠢ ᠬᠡᠰᠡᠭ ᠲᠤᠨᠢ ᠤᠳᠤᠬᠢᠴᠢᠯᠠᠭᠰᠠᠨ ᠤᠷᠤᠨ ᠰᠠᠭᠤᠴᠠ ᠪᠠᠶᠢᠭᠤᠯᠤᠨ᠂ ᠤᠯᠠᠨ | ᠲᠦᠮᠡᠨ ᠤ ᠦᠢᠯᠡᠳᠪᠤᠷᠢᠯᠡᠯ ᠠᠮᠢᠳᠤᠷᠠᠯ ᠤᠨ ᠶᠠᠰᠤ ᠴᠢᠨᠠᠷ ᠢ ᠪᠦᠬᠦ ᠲᠠᠯ᠎ᠠ ᠪᠠᠷ ᠲᠡᠭᠡᠭᠰᠢᠯᠡᠭᠦᠯᠪᠡ᠃ |