ᠵᠠᠯᠠᠶᠢᠳ ᠬᠤᠰᠢᠭᠤᠨ ᠤ ᠪᠠᠳᠠᠷᠠᠬᠤ ᠪᠠᠯᠭᠠᠰᠦ ︽ᠪᠠᠭ᠎ᠠ ᠬᠤᠷᠠᠮᠳᠤᠭᠤᠯᠭ᠎ᠠ ᠶᠢᠨ ᠬᠤᠪᠢ︾ ᠪᠠᠷ ᠦᠨᠳᠦᠰᠦᠨ ᠱᠠᠳᠦᠨ ᠤ ᠨᠠᠶᠢᠬᠡᠮ ᠤᠨ ᠵᠠᠰᠠᠯᠳᠠ ᠶᠢ ᠠᠬᠢᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2024/10/9
     ᠤᠶᠢᠷ᠎ᠠ ᠶᠢᠨ ᠬᠡᠳᠦᠨ ᠵᠢᠯ ᠠᠴᠠ ᠨᠠᠭᠠᠰᠢ᠂ ᠵᠠᠯᠠᠶᠢᠳ ᠬᠤᠰᠢᠭᠤᠨ ᠤ ᠪᠠᠳᠠᠷᠠᠬᠤ ᠪᠠᠯᠭᠠᠰᠦ ᠤᠯᠠᠨ ᠲᠦᠮᠡᠨ ᠤ ᠱᠠᠭᠠᠷᠳᠠᠯᠭ᠎ᠠ ᠳᠤ ᠵᠤᠬᠢᠴᠠᠭᠤᠯᠤᠨ᠂ ︽ᠪᠠᠭ᠎ᠠ ᠬᠤᠷᠠᠮᠳᠤᠭᠤᠯᠭ᠎ᠠ ᠶᠢᠨ ᠬᠤᠪᠢ︾ ᠪᠠᠷ ᠪᠤᠯᠪᠠᠰᠦᠨ ᠢ ᠡᠷᠬᠢᠮᠯᠡᠵᠤ᠂ ᠥᠨᠳᠤᠰᠤᠨ ᠱᠠᠳᠤᠨ ᠤ ᠨᠡᠶᠢᠬᠡᠮ ᠤᠨ ᠵᠠᠰᠠᠯᠳᠠ ᠶᠢ ᠠᠬᠢᠭᠤᠯᠵᠦ ᠪᠤᠢ᠃      ᠵᠠᠯᠠᠶᠢᠳ ᠬᠤᠰᠢᠭᠤᠨ ᠤ ᠪᠠᠳᠠᠷᠠᠬᠤ ᠪᠠᠯᠭᠠᠰᠤᠨ ᠤ ᠦᠨᠡᠬᠡᠨᠵᠢᠯᠠᠭ᠎ᠠ ᠭᠠᠴᠠᠭᠠᠨ ᠤ ︽ᠬᠤᠪᠢ ᠬᠤᠷᠠᠮᠳᠤᠭᠤᠯᠬᠤ ᠴᠢᠯᠦᠭᠡᠳᠤ ᠲᠡᠯᠬᠡᠬᠦᠷ︾ ᠤᠨ ᠪᠠᠷᠠᠭᠠᠨ ᠤ ᠲᠠᠯᠪᠢᠭᠤᠷ ᠲᠤ ᠡᠳᠦᠷ ᠲᠤᠳᠤᠮ ᠤᠨ ᠠᠮᠢᠳᠦᠷᠠᠯ ᠤᠨ ᠡᠯ᠎ᠡ ᠵᠦᠢᠯ ᠤᠨ ᠬᠡᠷᠡᠭᠰᠡᠯ ᠵᠡᠷᠭᠡᠯᠡᠨ ᠬᠠᠷᠠᠬᠳᠠᠨ᠎ᠠ᠃ ᠬᠡᠳᠡᠯ᠎ᠠ ᠪᠠᠷᠠᠭ᠎ᠠ ᠪᠦᠷᠢ ᠲᠡᠭᠡᠷ᠎ᠡ ᠨᠢ ᠦᠨ᠎ᠡ ᠬᠠᠨᠭ᠍ᠰᠢ ᠶᠢ ᠬᠠᠳᠠᠭᠰᠠᠨ ᠦᠭᠡᠢ ᠬᠠᠷᠢᠨ ᠬᠤᠷᠠᠮᠳᠤᠭᠤᠯᠭ᠎ᠠ ᠶᠢᠨ ᠬᠤᠪᠢ ᠶᠢ ᠪᠢᠴᠢᠵᠦ ᠪᠠᠶᠢᠯ᠎ᠠ᠃ ᠡᠭᠦᠨ ᠳᠤ ᠭᠠᠴᠠᠭᠠᠨ ᠤ ᠠᠷᠠᠳ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠬᠤ᠂ ᠨᠠᠰᠦᠳᠠᠨ ᠢᠶᠠᠨ ᠬᠦᠨᠳᠦᠯᠡᠨ ᠨᠢᠯᠬᠠᠰ ᠢᠶᠠᠨ ᠬᠠᠶᠢᠷᠠᠯᠠᠬᠤ ᠵᠡᠷᠭᠡ ᠲᠠᠯ᠎ᠠ ᠪᠠᠷ ᠤᠯᠤᠬᠰᠠᠨ ᠬᠤᠪᠢ ᠪᠠᠷ ᠢᠶᠠᠨ ᠡᠳ᠋ ᠪᠠᠷᠠᠭ᠎ᠠ ᠰᠤᠯᠢᠵᠦ ᠪᠤᠯᠤᠨ᠎ᠠ᠃      ᠲᠤᠰ ᠭᠠᠴᠠᠭᠠᠨ ᠤ ᠲᠦᠩ ᠭᠤᠸ᠎ᠠ᠄ ︽ᠪᠢᠳᠡ ᠰᠤᠯᠠ ᠰᠡᠯᠡᠭᠦᠤ ᠴᠠᠭ ᠢᠶᠠᠷ ᠢᠶᠠᠨ ᠠᠭᠤᠳᠠᠮ ᠲᠠᠯᠠᠪᠠᠢ ᠶᠢᠨ ᠪᠦᠵᠢᠭ ᠪᠦᠵᠢᠭᠯᠡᠳᠡᠭ᠂ ᠡᠨᠡ ᠨᠢ ᠪᠡᠶ᠎ᠡ ᠪᠠᠨ ᠪᠤᠯᠪᠠᠰᠦᠷᠠᠬᠤ ᠪᠠᠷ ᠪᠠᠷᠠᠬᠤ ᠦᠬᠡᠢ ᠪᠠᠰᠠ ᠬᠤᠷᠠᠮᠳᠤᠭᠤᠯᠭ᠎ᠠ ᠶᠢᠨ ᠬᠤᠪᠢ ᠤᠯᠵᠦ ᠠᠮᠢᠳᠦᠷᠠᠯ ᠤᠨ ᠬᠡᠷᠡᠭᠰᠡᠯ ᠰᠤᠯᠢᠵᠦ ᠪᠤᠯᠤᠨ᠎ᠠ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃     ︽ᠬᠤᠪᠢ ᠬᠤᠷᠠᠮᠳᠤᠭᠤᠯᠬᠤ ᠲᠤᠬᠳᠠᠴᠠ︾ ᠶᠢᠨ ᠥᠢᠯᠠᠳᠤᠯ ᠢ ᠨᠡᠩ ᠰᠠᠶᠢᠨ ᠪᠠᠳᠠᠷᠠᠭᠤᠯᠬᠤ ᠪᠠᠷ ᠪᠠᠳᠠᠷᠠᠬᠤ ᠪᠠᠯᠭᠠᠰᠦ ᠪᠠᠳᠠᠷᠠᠬᠤ᠂ ᠦᠨᠡᠬᠡᠨᠵᠢᠯᠠᠭ᠎ᠠ ᠵᠡᠷᠭᠡ 4 ᠭᠠᠴᠠᠭᠠᠨ ᠤ ᠵᠢᠱᠢᠶᠡᠴᠢ ᠦᠢᠯᠡᠳᠦᠯ ᠢ ᠪᠦᠷᠢᠮᠦᠰᠦᠨ ᠪᠠᠳᠠᠷᠠᠭᠤᠯᠵᠦ ᠂ ︽ᠬᠤᠪᠢ ᠬᠤᠷᠠᠮᠳᠤᠭᠤᠯᠬᠤ ᠲᠤᠬᠳᠠᠴᠠ︾ ᠶᠢ ᠪᠦᠬᠦ ᠪᠠᠯᠭᠠᠰᠦᠨ ᠤ ᠬᠡᠪᠴᠢᠶᠡᠨ ᠳᠤ ᠬᠡᠷᠡᠭᠵᠢᠬᠦᠯᠵᠦ᠂ ᠤᠯᠠᠨ ᠲᠦᠮᠡᠨ ᠬᠤᠷᠠᠮᠳᠤᠭᠤᠯᠤᠬᠰᠠᠨ ᠬᠤᠪᠢ ᠪᠠᠷ ᠢᠶᠠᠨ ᠡᠳ᠋ ᠪᠠᠷᠠᠭ᠎ᠠ ᠰᠤᠯᠢᠵᠦ᠂ ᠦᠨᠳᠦᠰᠦᠨ ᠱᠠᠳᠦᠨ ᠤ ᠨᠠᠶᠢᠬᠡᠮ ᠤᠨ ᠵᠠᠰᠠᠯᠳᠠ ᠶᠢ ᠠᠬᠢᠭᠤᠯᠵᠦ ᠪᠤᠢ᠃ ᠪᠠᠰᠠ ᠬᠤᠪᠢ ᠬᠤᠷᠠᠮᠳᠤᠭᠤᠯᠭ᠎ᠠ ᠪᠠᠷ ︽ᠤᠳᠤᠨ ᠲᠡᠰ ᠤᠨ ᠪᠤᠯᠪᠠᠰᠦᠨ ᠡᠷᠦᠬᠡ︾ ︽ᠬᠠᠮᠤᠭ ᠭᠤᠶᠤ ᠬᠦᠷᠢᠶ᠎ᠡ ᠬᠠᠰᠢᠶ᠎ᠠ︾ ᠶᠢᠨ ᠰᠢᠯᠭᠠᠷᠠᠭᠤᠯᠤᠯᠳᠠ ᠶᠢᠨ ᠴᠢᠬᠤᠯᠠ ᠦᠨᠳᠦᠰᠦᠯᠡᠯ ᠪᠤᠯᠭᠠᠵᠦ᠂ ︽ᠠᠵᠢᠯᠯᠠᠬᠤ ᠪᠤᠯᠭᠠᠨ ᠬᠤᠪᠢ ᠲᠠᠢ᠂ ᠡᠷᠦᠬᠡ ᠪᠦᠷᠢ ᠬᠤᠷᠠᠮᠳᠤᠭᠤᠯᠭ᠎ᠠ ᠶᠢᠨ ᠬᠤᠪᠢ ᠲᠠᠢ︾ ᠪᠠᠶᠢᠬᠤ ᠶᠢ ᠪᠡᠶᠡᠯᠡᠬᠦᠯᠵᠡᠢ      ᠪᠠᠳᠠᠷᠠᠬᠤ ᠪᠠᠯᠭᠠᠰᠤᠨ ᠤ ᠦᠨᠡᠬᠡᠨᠵᠢᠯᠠᠭ᠎ᠠ ᠭᠠᠴᠠᠭᠠᠨ ᠤ ︽ᠬᠤᠶᠠᠷ ᠵᠦᠪᠯᠡᠯ︾ ᠤᠨ ᠬᠡᠰᠢᠬᠦᠨ ᠵᠤᠤ  ᠪᠦ᠋ ᠵᠤᠤ᠄ ︽ᠬᠤᠪᠢ ᠬᠤᠷᠠᠮᠳᠤᠭᠤᠯᠬᠤ ᠴᠢᠯᠦᠬᠡᠳᠦ ᠲᠡᠯᠬᠡᠬᠦᠷ ᠨᠢ ᠭᠠᠭᠴᠠ ᠬᠤᠷᠠᠮᠳᠤᠭᠤᠯᠭ᠎ᠠ ᠶᠢᠨ ᠬᠤᠪᠢ ᠪᠠᠷ ᠢᠶᠠᠨ ᠪᠠᠷᠠᠭ᠎ᠠ ᠰᠤᠯᠢᠬᠤ ᠲᠠᠯᠠᠪᠦᠷ ᠲᠡᠳᠦᠢ ᠪᠢᠰᠢ ᠨᠡᠩ ᠴᠤ ᠥᠨᠳᠤᠰᠤᠨ ᠱᠠᠳᠤᠨ ᠤ ᠨᠠᠶᠢᠬᠡᠮ ᠤᠨ ᠵᠠᠰᠠᠯᠳᠠ ᠶᠢᠨ ᠰᠢᠨ᠎ᠠ ᠬᠤᠯᠪᠤᠭᠠᠰᠦ ᠮᠦᠨ︾ ᠬᠡᠵᠦ ᠶᠠᠷᠢᠵᠦ ᠪᠠᠶᠢᠯ᠎ᠠ᠃      ᠤᠶᠢᠷ᠎ᠠ ᠶᠢᠨ ᠬᠡᠳᠦᠨ ᠵᠢᠯ᠂ ᠪᠠᠳᠠᠷᠠᠬᠤ ᠪᠠᠯᠭᠠᠰᠦ ᠨᠠᠮ ᠤᠨ ᠪᠠᠶᠢᠭᠤᠯᠤᠯᠳᠠ ᠪᠠᠷ ᠬᠦᠳᠦᠯᠦᠨ ᠵᠢᠯᠤᠭᠤᠳᠴᠤ᠂ ︽ᠬᠤᠪᠢ ᠬᠤᠷᠠᠮᠳᠤᠭᠤᠯᠬᠤ ᠲᠤᠬᠳᠠᠴᠠ︾ ᠶᠢ ᠬᠡᠷᠡᠭᠵᠢᠭᠦᠯᠦᠨ᠂ ᠦᠨᠳᠦᠰᠦᠨ ᠱᠠᠳᠦᠨ ᠤ ᠨᠠᠶᠢᠬᠡᠮ ᠤᠨ ᠵᠠᠰᠠᠯᠳᠠ ᠳᠤ ᠤᠯᠠᠨ ᠲᠦᠮᠡᠨ ᠢ ᠤᠷᠤᠯᠴᠠᠭᠤᠯᠵᠦ᠂ ᠦᠨᠳᠦᠰᠦᠨ ᠱᠠᠳᠦᠨ ᠤ ᠨᠠᠮ ᠤᠨ ᠪᠠᠶᠢᠭᠤᠯᠤᠯᠳᠠ ᠶᠢ ᠠᠬᠢᠭᠤᠯᠪᠠ᠃ ᠪᠠᠰᠠ ︽ᠬᠤᠪᠢ ᠬᠤᠷᠠᠮᠳᠤᠭᠤᠯᠬᠤ ᠴᠢᠯᠦᠬᠡᠳᠦ ᠲᠡᠯᠬᠡᠬᠦᠷ︾ ᠢᠶᠠᠷ ᠥᠨᠳᠤᠰᠤᠨ ᠱᠠᠳᠤᠨ ᠤ ᠨᠠᠶᠢᠬᠡᠮ ᠤᠨ ᠵᠠᠰᠠᠯᠳᠠ ᠶᠢᠨ ᠪᠦᠳᠦᠮᠵᠢᠳᠡᠢ ᠠᠴᠢᠶᠠᠯᠠᠬᠴᠢ ᠪᠤᠯᠭᠠᠵᠦ᠂ ᠬᠦᠳᠦᠯᠦᠨ ᠵᠢᠯᠤᠭᠤᠳᠬᠤ ᠦᠢᠯᠡᠳᠦᠯ ᠢ ᠨᠢ ᠪᠦᠷᠢᠮᠦᠰᠦᠨ ᠪᠠᠳᠠᠷᠠᠭᠤᠯᠵᠦ᠂ ᠬᠤᠷᠠᠮᠳᠤᠭᠤᠯᠭ᠎ᠠ ᠶᠢᠨ ᠬᠤᠪᠢ ᠪᠠᠷ ᠤᠯᠠᠨ ᠲᠦᠮᠡᠨ ᠢ ᠵᠤᠷᠢᠬᠵᠢᠭᠤᠯᠤᠨ᠂ ᠦᠨᠳᠦᠰᠦᠨ ᠱᠠᠳᠦᠨ ᠤ ᠨᠠᠶᠢᠬᠡᠮ ᠤᠨ ᠵᠠᠰᠠᠯᠳᠠ ᠶᠢᠨ ᠰᠠᠶᠢᠨ ᠵᠠᠮ ᠢ ᠴᠢᠷᠮᠠᠶᠢᠨ ᠡᠷᠢᠯᠬᠢᠯᠡᠵᠦ ᠪᠤᠢ᠃ ︵ᠵᠸᠤ ᠶᠠᠨ ᠢᠤᠢ   ᠸᠧᠢ ᠸᠧᠢ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号