ᠨᠤᠳᠤᠭ ᠤᠨ ᠡᠮᠴᠢ ᠳ᠋ᠦᠩ ᡁᠢ ᠴᠢᠶᠠᠩ 
ᠨᠡᠶᠢᠲᠡᠯᠡᠭᠰᠡᠨ ᠴᠠᠭ᠄
2024/10/9
      ᠨᠤᠳᠤᠭ ᠤᠨ ᠡᠮᠴᠢ ᠪᠤᠯ ᠬᠦᠳᠡᠭᠡ ᠲᠤᠰᠬᠤᠨ ᠤ ᠡᠮ ᠡᠮᠴᠢᠯᠡᠬᠡᠨ ᠡᠷᠡᠬᠦᠯ ᠬᠠᠮᠠᠭᠠᠯᠠᠯ ᠤᠨ ᠦᠢᠯᠡᠰ ᠤᠨ ᠪᠠᠳᠤ ᠪᠠᠬᠢ ᠰᠠᠭᠤᠷᠢ ᠪᠤᠯᠤᠨ᠎ᠠ᠃ ᠲᠡᠳᠡ ᠦᠪᠡᠷ ᠤᠨ ᠲᠤᠰᠬᠠᠢ ᠮᠡᠷᠬᠡᠵᠢᠯ ᠢᠶᠠᠷ ᠢᠶᠠᠨ ᠬᠦᠳᠡᠭᠡ ᠲᠤᠰᠬᠤᠨ ᠤ ᠠᠷᠠᠳ ᠲᠦᠮᠡᠨ ᠤ ᠡᠷᠡᠬᠦᠯ ᠮᠡᠨᠳᠤ ᠶᠢ ᠰᠠᠬᠢᠨ ᠬᠠᠮᠠᠭᠠᠯᠠᠵᠦ ᠪᠠᠶᠢᠳᠠᠭ᠃ ᠵᠠᠯᠠᠶᠢᠳ ᠬᠤᠰᠢᠭᠤᠨ ᠤ ᠪᠠᠶᠠᠨᠵᠢᠯᠠᠭ᠎ᠠ ᠰᠢᠶᠠᠩ ᠤᠨ ᠹᠧᠩ ᠴᠠᠨ ᠲᠤᠰᠬᠤᠨ ᠤ ᠳ᠋ᠦᠩ ᡁᠢ ᠴᠢᠶᠠᠩ ᠪᠤᠯ ᠠᠷᠠᠳ ᠤᠯᠠᠨ ᠤ ᠬᠠᠯᠠᠭᠤᠨ ᠬᠦᠷᠢᠶᠡᠯᠡᠯ ᠢ ᠤᠯᠤᠬᠰᠠᠨ ᠨᠤᠳᠤᠭ ᠤᠨ ᠡᠮᠴᠢ ᠶᠢᠨ ᠨᠢᠬᠡ ᠨᠢ ᠪᠤᠯᠤᠨ᠎ᠠ᠃ ᠲᠡᠷᠡ ᠶᠡᠷᠤ ᠨᠢ ᠠᠵᠢᠯ ᠢᠶᠠᠨ ᠲᠡᠭᠡᠳᠦᠯᠡᠵᠦ᠂ ᠡᠬᠡᠯ ᠵᠢᠷ ᠤᠨ ᠠᠵᠢᠯ ᠤᠨ ᠪᠠᠶᠢᠷᠢᠨ ᠳᠠᠭᠠᠨ ᠴᠢᠷᠮᠠᠶᠢᠨ ᠠᠵᠢᠯᠯᠠᠵᠦ᠂ ᠤᠯᠠᠨ ᠲᠦᠮᠡᠨ ᠤ ᠡᠷᠡᠬᠦᠯ ᠡᠩᠬᠡ ᠶᠢᠨ ᠲᠦᠯᠦᠬᠡ ᠬᠦᠴᠦ ᠬᠦᠯᠦᠰᠦ ᠪᠠᠨ ᠰᠢᠪᠬᠠᠬᠰᠠᠭᠠᠷ ᠢᠷᠡᠵᠡᠢ᠃       ᠡᠨᠡ ᠵᠢᠯ ᠲᠠᠪᠢᠨ ᠭᠤᠷᠪᠠᠳᠠᠢ ᠳ᠋ᠦᠩ ᡁᠢ ᠴᠢᠶᠠᠩ ᠹᠧᠩ ᠴᠠᠨ ᠲᠤᠰᠬᠤᠨ ᠳᠤ ᠡᠮᠴᠢᠯᠡᠬᠡᠨ ᠤ ᠭᠠᠵᠠᠷ ᠡᠷᠬᠢᠯᠡᠬᠡᠳ ᠨᠢᠬᠡᠨᠳᠡ ᠭᠤᠴᠢ ᠭᠠᠷᠦᠢ ᠵᠢᠯ ᠪᠤᠯᠵᠠᠢ᠃ ᠲᠤᠰᠬᠤᠨ ᠤ ᠤᠯᠠᠨ ᠲᠦᠮᠡᠨ ᠳᠤ ᠠᠪᠴᠦ ᠬᠡᠯᠡᠪᠡᠯ᠂ ᠳ᠋ᠦᠩ ᡁᠢ ᠴᠢᠶᠠᠩ ᠭᠠᠭᠴᠠ ᠨᠤᠳᠤᠭ ᠤᠨ ᠡᠮᠴᠢ ᠪᠢᠰᠢ ᠬᠠᠷᠢᠨ ᠬᠠᠮᠤᠭ ᠤᠨ ᠲᠤᠳᠤᠨᠤ ᠬᠦᠮᠦᠨ ᠪᠠᠶᠢᠵᠦ ᠤᠯᠠᠨ ᠢᠶᠠᠷ ᠢᠶᠠᠨ ᠪᠦᠷ ᠲᠡᠬᠦᠨ ᠢ ᠲᠤᠩ ᠢᠳᠡᠭᠡᠳᠡᠭ ᠪᠠᠶᠢᠯ᠎ᠠ᠃ ᠳ᠋ᠦᠩ ᡁᠢ ᠴᠢᠶᠠᠩ ᠡᠮᠴᠢ ᠴᠤ ᠲᠤᠰᠬᠤᠨ ᠤ ᠤᠯᠠᠨ ᠲᠦᠮᠡᠨ ᠤ ᠡᠪᠡᠳᠴᠦ ᠬᠠᠪᠤᠳᠬᠤ ᠶᠢ ᠴᠢᠳᠠᠬᠤ ᠶᠢᠨ ᠬᠢᠷᠢ ᠪᠠᠷ ᠨᠠᠮᠳᠠᠭᠠᠶ᠎ᠠ ᠬᠡᠵᠦ ᠨᠢᠬᠡᠯᠡ ᠰᠡᠳᠬᠢᠯ ᠢᠶᠠᠷ ᠴᠢᠷᠮᠠᠶᠢᠳᠠᠭ᠃      ᠲᠤᠰᠬᠤᠨ ᠤ ᠠᠷᠠᠳ ᠤᠨ ᠬᠡᠨ ᠨᠢᠬᠡ ᠶᠢᠨ ᠪᠡᠶ᠎ᠡ ᠨᠢ ᠡᠪ ᠦᠬᠡᠢ ᠪᠤᠯᠪᠠᠯ ᠬᠠᠮᠤᠭ ᠲᠦᠷᠦᠬᠦᠨ ᠳᠤ ᠳ᠋ᠦᠩ ᡁᠢ ᠴᠢᠶᠠᠩ ᠡᠮᠴᠢ ᠶᠢ ᠪᠤᠳᠤᠵᠦ ᠤᠯᠳᠠᠭ᠃ ᠲᠡᠷᠡ ᠬᠡᠵᠢᠶᠡᠳᠡ ᠡᠪᠡᠳᠴᠢᠳᠡᠨ ᠤ ᠪᠡᠶ᠎ᠡ ᠶᠢᠨ ᠪᠠᠶᠢᠳᠠᠯ ᠢ ᠨᠠᠷᠢᠯᠢᠭ ᠠᠰᠠᠭᠤᠵᠦ᠂ ᠦᠳᠳᠡᠷ ᠲᠦᠷᠬᠡᠨ ᠢᠶᠠᠷ ᠡᠪᠡᠳᠴᠢᠨ ᠤ ᠰᠢᠯᠳᠠᠭᠠᠨ ᠢ ᠮᠡᠳᠡᠵᠦ ᠵᠤᠬᠢᠰᠳᠠᠢ ᠤᠨᠤᠰᠢᠯᠠᠨ ᠵᠠᠰᠠᠬᠤ ᠲᠦᠰᠦᠪ ᠭᠠᠷᠭᠠᠵᠦ ᠦᠭᠳᠡᠭ᠃ ᠳ᠋ᠦᠩ ᡁᠢ ᠴᠢᠶᠠᠩ ᠡᠮᠴᠢ ᠪᠠᠰᠠ ᠪᠦᠬᠦ ᠲᠤᠰᠬᠤᠨ ᠤ 1288 ᠭᠠᠷᠦᠢ ᠬᠦᠮᠦᠨ ᠳᠤ ᠡᠷᠡᠬᠦᠯ ᠮᠡᠨᠳᠤ ᠶᠢᠨ ᠲᠠᠩᠰᠠ ᠪᠠᠶᠢᠭᠤᠯᠤᠨ ᠦᠭᠴᠦ᠂ ᠡᠪᠡᠳᠴᠢᠳᠡᠳ ᠤᠨ ᠡᠮᠴᠢᠯᠡᠬᠦᠯᠦᠭᠰᠡᠨ ᠡᠳᠦᠷ ᠰᠠᠷ᠎ᠠ᠂ ᠪᠡᠶ᠎ᠡ ᠶᠢᠨ ᠪᠠᠶᠢᠳᠠᠯ ᠵᠡᠷᠭᠡ ᠪᠠᠶᠢᠳᠠᠯ ᠢ ᠨᠠᠷᠢᠯᠢᠭ ᠲᠡᠮᠳᠡᠭᠯᠡᠵᠦ᠂ ᠲᠡᠳᠡᠨ ᠤ ᠡᠷᠡᠬᠦᠯ ᠮᠡᠨᠳᠤ ᠶᠢᠨ ᠪᠠᠶᠢᠳᠠᠯ ᠢ ᠨᠡᠩ ᠰᠠᠶᠢᠨ ᠡᠵᠡᠮᠰᠢᠬᠦ ᠶᠢ ᠵᠤᠷᠢᠬᠰᠠᠨ ᠪᠠᠶᠢᠳᠠᠭ᠃ ᠳ᠋ᠦᠩ ᡁᠢ ᠴᠢᠶᠠᠩ ᠬᠦᠳᠡᠯᠵᠦ ᠪᠠᠷᠢᠬᠤ ᠳᠤ ᠲᠦᠬᠦᠮ ᠦᠬᠡᠢ ᠨᠠᠰᠦᠳᠠᠨ ᠢ ᠤᠨᠴᠠᠭᠠᠢ ᠬᠠᠷᠠᠭᠠᠯᠵᠠᠵᠦ᠂ ᠬᠡᠷᠪᠡ ᠠᠪᠦᠷᠠᠨ ᠲᠤᠰᠯᠠᠬᠤ ᠤᠳᠠᠰᠦ ᠲᠤᠰᠪᠠᠯ ᠰᠠᠯᠬᠢ ᠪᠤᠷᠤᠭᠠᠨ ᠢ ᠬᠠᠶᠢᠬᠤᠷᠤᠯ ᠦᠬᠡᠢ ᠪᠠᠷ ᠡᠮ ᠤᠨ ᠪᠤᠬᠴᠦ ᠪᠠᠨ ᠡᠬᠦᠷᠴᠦ᠂ ᠨᠠᠰᠦᠳᠠᠨ ᠤ ᠬᠡᠷ ᠲᠤ ᠬᠦᠷᠴᠦ᠂ ᠡᠪᠡᠳᠴᠢᠨ ᠢ ᠨᠢ ᠤᠨᠤᠰᠢᠯᠠᠨ ᠡᠮ ᠬᠦᠷᠭᠡᠳᠡᠭ᠃      ᠳ᠋ᠦᠩ ᡁᠢ ᠴᠢᠶᠠᠩ ᠡᠮᠴᠢ ᠦᠷᠬᠦᠯᠵᠢ ᠶᠠᠳᠠᠭᠤ ᠬᠦᠴᠢᠷᠳᠡᠯᠳᠡᠢ ᠤᠯᠠᠨ ᠲᠦᠮᠡᠨ ᠢ ᠴᠢᠳᠠᠬᠤ ᠶᠢᠨ ᠬᠢᠷᠢ ᠪᠠᠷ ᠢᠶᠠᠨ ᠬᠠᠪᠰᠤᠷᠴᠦ ᠪᠠᠶᠢᠳᠠᠭ᠃ ᠲᠡᠷᠡ ᠲᠤᠰᠬᠤᠨ ᠤ ᠵᠠᠷᠢᠮ ᠬᠦᠮᠦᠨ ᠡᠪᠡᠳᠴᠢᠨ ᠠᠴᠠ ᠪᠤᠯᠵᠦ ᠶᠠᠳᠠᠭᠤᠷᠠᠬᠰᠠᠨ ᠢ ᠮᠡᠳᠡᠪᠡᠯ ᠬᠡᠵᠢᠶᠡᠳᠡ ᠬᠠᠮᠤᠭ ᠲᠦᠷᠦᠬᠦᠨ ᠳᠤ ᠬᠠᠯᠠᠭᠤᠨ ᠭᠠᠷ ᠢᠶᠠᠨ ᠰᠤᠩᠭᠠᠵᠦ᠂ ᠲᠡᠳᠡᠨ ᠤ ᠡᠮᠴᠢᠯᠡᠬᠡᠨ ᠤ ᠵᠠᠷᠦᠳᠠᠯ ᠢ ᠨᠢ ᠪᠠᠭᠠᠰᠬᠠᠵᠦ ᠦᠭᠳᠡᠭ ᠮᠦᠷᠳᠡᠬᠡᠨ ᠪᠠᠰᠠ ᠦᠪᠡᠷ ᠤᠨ ᠵᠤᠭᠤᠰ ᠢᠶᠠᠷ ᠢᠶᠠᠨ ᠠᠮᠢᠳᠦᠷᠠᠯ ᠤᠨ ᠬᠡᠷᠡᠭᠰᠡᠯ ᠬᠤᠳᠠᠯᠳᠤᠨ ᠠᠪᠴᠦ ᠬᠡᠷ ᠲᠤᠨᠢ ᠬᠦᠷᠬᠡᠵᠦ ᠦᠭᠳᠡᠭ᠃ ᠹᠧᠩ ᠴᠠᠨ ᠲᠤᠰᠬᠤᠨ ᠤ ᠲᠠᠷᠢᠶᠠᠴᠢᠨ ᠸᠠᠨ ᠵᠢᠶᠠ ᠲᠢᠶᠠᠨ᠄ ︽ᠮᠢᠨᠦ ᠪᠡᠶ᠎ᠡ ᠡᠪ ᠦᠬᠡᠢ ᠪᠤᠯᠪᠠᠯ ᠲᠠᠷᠦᠢ ᠲᠦᠷᠭᠡᠨ ᠳ᠋ᠦᠩ ᡁᠢ ᠴᠢᠶᠠᠩ ᠡᠮᠴᠢ ᠶᠢ ᠡᠷᠢᠵᠦ ᠤᠴᠢᠳᠠᠭ᠃ ᠵᠠᠷᠢᠮ ᠳᠠᠭᠠᠨ ᠰᠦᠨᠢ ᠲᠦᠯᠢ ᠪᠠᠷ ᠴᠤ ᠤᠳᠠᠰᠦ ᠠᠪᠴᠦ ᠡᠮᠴᠢᠯᠡᠬᠦᠯᠳᠡᠭ᠃ ᠳ᠋ᠦᠩ ᡁᠢ ᠴᠢᠶᠠᠩ ᠡᠮᠴᠢ ᠪᠠᠶᠢᠬᠤ ᠪᠤᠯᠬᠤᠷ ᠪᠢᠳᠡ ᠲᠦᠢᠯ ᠤᠨ ᠰᠠᠨᠠᠭ᠎ᠠ ᠠᠮᠦᠷ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃      ᠳ᠋ᠦᠩ ᡁᠢ ᠴᠢᠶᠠᠩ ᠭᠤᠴᠢ ᠭᠠᠷᠦᠢ ᠵᠢᠯ ᠤᠨ ᠲᠤᠷᠰᠢ ᠦᠪᠡᠷ ᠤᠨ ᠪᠤᠳᠠᠳᠠᠢ ᠦᠢᠯᠡ ᠠᠵᠢᠯᠯᠠᠭ᠎ᠠ ᠪᠠᠷ ᠢᠶᠠᠨ ᠨᠤᠳᠤᠭ ᠤᠨ ᠡᠮᠴᠢ ᠶᠢᠨ ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠵᠦ ᠢᠷᠡᠵᠡᠢ᠃ ᠲᠡᠷᠡ ᠦᠪᠡᠷ ᠤᠨ ᠡᠮᠴᠢᠯᠡᠬᠡᠨ ᠤ ᠲᠤᠰᠬᠠᠢ ᠮᠡᠷᠬᠡᠵᠢᠯ ᠪᠠ ᠡᠪᠡᠳᠴᠢᠳᠠᠨ ᠳᠤ ᠬᠠᠷᠢᠭᠤᠴᠠᠬᠤ ᠬᠦᠨ ᠵᠤᠵᠠᠭᠠᠨ ᠬᠠᠶᠢᠷ᠎ᠠ ᠰᠡᠳᠬᠢᠯᠬᠡ ᠪᠠᠷ ᠢᠶᠠᠨ ᠲᠤᠰᠬᠤᠨ ᠤ ᠪᠠᠨ ᠤᠯᠠᠨ ᠲᠦᠮᠡᠨ ᠳᠤ ᠡᠷᠡᠬᠦᠯ ᠡᠩᠬᠡ ᠶᠢᠨ ᠪᠠᠳᠦ ᠪᠠᠬᠢ ᠬᠠᠯᠬᠠᠪᠴᠢ ᠶᠢ ᠪᠠᠶᠢᠭᠤᠯᠤᠨ ᠦᠭᠴᠡᠢ᠃ ᠲᠡᠷᠡ ᠡᠬᠡᠯ ᠵᠢᠷ ᠤᠨ ᠠᠵᠢᠯ ᠤᠨ ᠪᠠᠶᠢᠷᠢᠨ ᠳᠠᠭᠠᠨ ᠬᠠᠷᠠᠮ ᠦᠬᠡᠢ ᠵᠢᠳᠬᠦᠵᠦ᠂ ᠬᠦᠳᠡᠭᠡ ᠲᠤᠰᠬᠤᠨ ᠤ ᠡᠷᠡᠬᠦᠯ ᠡᠩᠬᠡ ᠶᠢᠨ ᠦᠢᠯᠡᠰ ᠲᠤ ᠦᠪᠡᠷ ᠤᠨ ᠬᠡᠰᠡᠨ ᠬᠦᠴᠦᠨ ᠴᠢᠳᠠᠯ ᠢᠶᠠᠨ ᠡᠷᠬᠦᠵᠦ ᠶᠠᠪᠤᠨ᠎ᠠ᠃ ︵ᠰᠡᠷᠬᠦᠯᠡᠩ︶
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号