ᠨᠠᠯᠠᠭᠠᠷ ᠨᠠᠮᠦᠷ ᠤᠨ ᠠᠷᠪᠠᠳᠤᠭᠠᠷ ᠰᠠᠷ᠎ᠠ ᠳᠤ᠂ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠦᠨ ᠤ 14.5 | ᠲᠦᠮᠡᠨ ᠮᠤ᠋ ᠡᠷᠳᠡᠨᠢ ᠰᠢᠰᠢ ᠡᠯᠪᠡᠭ ᠬᠤᠷᠢᠶᠠᠯᠳᠠ ᠤᠯᠵᠦ᠂ ᠲᠠᠷᠢᠶᠠᠴᠢᠳ ᠤᠳᠤᠬᠢᠴᠢᠯᠠᠬᠰᠠᠨ ᠮᠠᠰᠢᠨ ᠢ ᠬᠡᠷᠡᠭᠯᠡᠨ᠂ | ᠰᠢᠨᠵᠢᠯᠡᠬᠦ ᠤᠬᠠᠭᠠᠨᠴᠢ ᠪᠠᠷ ᠡᠷᠳᠡᠨᠢ ᠰᠢᠰᠢ ᠪᠠᠨ ᠬᠦᠮᠦᠷᠭᠡᠯᠡᠵᠡᠢ᠃ | 14.5 ᠲᠦᠮᠡᠨ ᠮᠤ᠋ ᠡᠷᠳᠡᠨᠢ ᠰᠢᠰᠢ ᠡᠯᠪᠡᠭ ᠬᠤᠷᠢᠶᠠᠯᠳᠠ ᠤᠯᠤᠯ᠎ᠠ | ᠬᠤᠯᠪᠤᠭ᠎ᠠ ᠪᠠᠯᠭᠠᠰᠦᠨ ᠤ ᠡᠷᠳᠡᠨᠢ ᠰᠢᠰᠢ ᠶᠢᠨ ᠲᠠᠷᠢᠶᠠᠨ ᠳᠤ ᠮᠠᠰᠢᠨ ᠮᠧᠬᠠᠨᠢᠭ ᠬᠦᠷᠴᠢᠬᠢᠨᠡᠨ᠂ ᠡᠷᠳᠡᠨᠢ ᠰᠢᠰᠢ ᠶᠢᠨ | ᠬᠠᠯᠢᠰᠦ ᠶᠢ ᠱᠠᠭᠠᠯᠠᠬᠤ᠂ ᠡᠰᠢ ᠰᠦᠷᠡᠯ ᠢ ᠨᠢ ᠬᠡᠮᠬᠡᠯᠡᠬᠦ ᠵᠡᠷᠭᠡ ᠠᠵᠢᠯ ᠢ ᠨᠢᠬᠡᠯᠡ ᠠᠯᠬᠤᠮ ᠢᠶᠠᠷ ᠪᠡᠶᠡᠯᠡᠬᠦᠯᠵᠦ | ᠪᠠᠶᠢᠯ᠎ᠠ᠃ ᠬᠤᠩ ᠰᠢᠩ ᠲᠤᠰᠬᠤᠨ ᠤ ᠲᠠᠷᠢᠮᠠᠯ ᠤᠨ ᠡᠷᠦᠬᠡ ᠹᠧᠩ ᠭᠥᠸᠧ ᠴᠧᠨ᠄ ︽ᠤᠤᠯ ᠳᠠᠭᠠᠨ ᠬᠦᠮᠦᠨ ᠤ | ᠬᠦᠴᠦ ᠪᠠᠷ ᠡᠷᠳᠡᠨᠢ ᠰᠢᠰᠢ ᠬᠤᠷᠢᠶᠠᠵᠦ ᠴᠠᠭ ᠪᠠ ᠬᠦᠴᠦ ᠶᠢ ᠶᠡᠭᠡᠪᠡᠷ ᠵᠠᠷᠤᠴᠠᠭᠤᠯᠵᠠᠢ᠃ ᠤᠳᠤ ᠮᠠᠰᠢᠨ ᠮᠧᠬᠠᠨᠢᠭ ᠢ | ᠬᠡᠷᠡᠭᠯᠡᠨ ᠭᠤᠷᠪᠠᠨ ᠡᠳᠦᠷ ᠲᠤᠳᠤᠷ᠎ᠠ 90 ᠮᠤ᠋ ᠡᠷᠳᠡᠨᠢ ᠰᠢᠰᠢ ᠬᠤᠷᠢᠶᠠᠵᠦ᠂ ᠮᠤ᠋ ᠪᠦᠷᠢ ᠶᠢᠨ ᠲᠡᠭᠰᠢᠳᠭᠡᠭᠰᠡᠨ | ᠤᠨᠠᠯᠳᠠ ᠶᠢ 1800 ᠵᠢᠩ ᠳᠤ ᠬᠦᠷᠭᠡᠵᠠᠢ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃ ᠲᠠᠷᠢᠶᠠᠯᠠᠩ ᠢ | ᠤᠳᠤᠬᠢᠴᠢᠯᠠᠬᠰᠠᠨ ᠨᠢ ᠭᠠᠭᠴᠠ ᠦᠢᠯᠡᠳᠪᠦᠷᠢᠯᠡᠯ ᠤᠨ ᠦᠷ᠎ᠡ ᠠᠰᠢᠭ ᠢ ᠲᠡᠭᠡᠭᠰᠢᠯᠡᠭᠦᠯᠦᠭᠰᠡᠨ ᠲᠡᠳᠦᠢ ᠦᠬᠡᠢ ᠪᠠᠰᠠ | ᠦᠢᠯᠡᠳᠪᠦᠷᠢᠯᠡᠯ ᠤᠨ ᠦᠪᠡᠷ ᠤᠨ ᠦᠷᠳᠡᠭ ᠢ ᠢᠯᠡᠷᠬᠡᠢ ᠪᠠᠭᠤᠷᠠᠭᠤᠯᠵᠠᠢ᠃ ᠬᠤᠩ ᠰᠢᠩ ᠲᠤᠰᠬᠤᠨ ᠤ ᠨᠠᠮ ᠤᠨ | ᠡᠬᠦᠷ ᠤᠨ ᠱᠦᠵᠢ ᠵᠤᠤ ᠪᠢᠩ ᠶᠢᠨ᠄ ︽ᠮᠠᠰᠢᠨ ᠮᠧᠬᠠᠨᠢᠭ ᠢᠶᠠᠷ ᠡᠷᠳᠡᠨᠢ ᠰᠢᠰᠢ ᠬᠤᠷᠢᠶᠠᠬᠰᠠᠨ ᠠᠴᠠ ᠠᠵᠢᠯ ᠤᠨ | ᠦᠷ᠎ᠡ ᠪᠦᠳᠦᠮᠵᠢ ᠶᠢ ᠶᠡᠬᠡᠪᠡᠷ ᠲᠡᠭᠡᠭᠰᠢᠯᠡᠬᠦᠯᠵᠡᠢ᠃ ᠪᠠᠰᠠ ᠮᠠᠰᠢᠨ ᠮᠧᠬᠠᠨᠢᠭ ᠢᠶᠠᠷ ᠡᠷᠳᠡᠨᠢ ᠰᠢᠰᠢ ᠶᠢ ᠬᠤᠷᠢᠶᠠᠪᠠᠯ | ᠤᠷᠴᠢᠨ ᠲᠤᠭᠤᠷᠢᠨ ᠢ ᠪᠤᠵᠠᠷᠳᠠᠭᠤᠯᠬᠤ ᠠᠴᠠ ᠵᠠᠶᠢᠯᠠᠰᠬᠢᠵᠦ ᠴᠢᠳᠠᠨ᠎ᠠ︾ ᠬᠡᠵᠦ ᠶᠠᠷᠢᠵᠦ ᠪᠠᠶᠢᠯ᠎ᠠ᠃ | ᠤᠶᠢᠷ᠎ᠠ ᠶᠢᠨ ᠬᠡᠳᠦᠨ ᠵᠢᠯ ᠠᠴᠠ ᠨᠠᠭᠠᠰᠢ᠂ ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠦ ᠠᠮᠤ ᠪᠤᠳᠠᠭ᠎ᠠ ᠶᠢ | ᠰᠢᠨᠵᠢᠯᠡᠬᠦ ᠤᠬᠠᠭᠠᠨᠴᠢ ᠪᠠᠷ ᠬᠠᠳᠠᠭᠠᠯᠠᠬᠤ ᠮᠡᠷᠬᠡᠵᠢᠯ ᠢ ᠬᠡᠷᠡᠭᠯᠡᠵᠦ᠂ ᠪᠠᠰᠠ ᠤᠯᠠᠨ ᠲᠦᠮᠡᠨ ᠳᠤ ᠮᠡᠷᠬᠡᠵᠢᠯ ᠤᠨ | ᠪᠤᠯᠪᠠᠰᠦᠷᠠᠯ ᠬᠦᠷᠳᠡᠭᠡᠬᠦ ᠪᠠ ᠵᠢᠱᠢᠶᠡᠴᠢ ᠪᠠᠷ ᠲᠠᠭᠤᠷᠢᠶᠠᠯ ᠦᠵᠡᠭᠦᠯᠬᠦ ᠠᠷᠭ᠎ᠠ ᠪᠠᠷ ᠲᠠᠷᠢᠶᠠᠴᠢᠳ ᠢ ᠬᠠᠪᠰᠤᠷᠤᠨ ᠠᠮᠤ | ᠪᠤᠳᠠᠭ᠎ᠠ ᠶᠢ ᠨᠢ ᠰᠢᠨᠵᠢᠯᠡᠬᠦ ᠤᠬᠠᠭᠠᠨᠴᠢ ᠬᠠᠳᠠᠭᠠᠯᠠᠭᠤᠯᠤᠬᠰᠠᠨ ᠠᠴᠠ ᠡᠷᠳᠡᠨᠢ ᠰᠢᠰᠢ ᠶᠢᠨ ᠲᠤᠨ ᠪᠦᠷᠢ ᠶᠢᠨ | ᠬᠤᠷᠤᠬᠳᠠᠯ ᠤᠨ ᠨᠤᠷᠮ᠎ᠠ ᠶᠢ 3% ᠠᠴᠠ 5% ᠬᠦᠷᠳᠡᠯ᠎ᠡ ᠪᠠᠭᠤᠷᠠᠭᠤᠯᠵᠦ᠂ ᠲᠤᠨ ᠪᠦᠷᠢ ᠲᠡᠭᠡᠷ᠎ᠠ 60 | ᠲᠦᠬᠦᠷᠢᠭ ᠠᠴᠠ 100 ᠲᠦᠬᠦᠷᠢᠭ ᠠᠷᠪᠢᠯᠠᠬᠰᠠᠨ ᠪᠠᠶᠢᠨ᠎ᠠ᠃ | ᠲᠠᠷᠠᠭᠠᠴᠢ ᠪᠠᠷ᠂ ᠬᠤᠯᠪᠤᠭ᠎ᠠ ᠪᠠᠯᠭᠠᠰᠦ ︽ᠲᠠᠷᠢᠶ᠎ᠠ ᠶᠢ ᠲᠤᠬᠳᠠᠭᠤᠨ ᠢᠶᠠᠷ ᠲᠠᠷᠢᠵᠦ ᠤᠨᠠᠯᠳᠠ ᠶᠢ | ᠲᠡᠭᠡᠭᠰᠢᠯᠡᠭᠦᠯᠦᠨ ᠴᠢᠨᠠᠷ ᠢ ᠪᠠᠳᠤᠯᠠᠬᠤ︾ ᠬᠠᠷᠠᠯᠳᠠ ᠪᠠᠷ ᠨᠠᠮᠦᠷ ᠤᠨ ᠬᠤᠷᠢᠶᠠᠯᠳᠠ ᠶᠢᠨ ᠠᠵᠢᠯ ᠢᠶᠠᠨ ᠰᠠᠶᠢᠳᠤᠷ ᠬᠢᠵᠦ | ᠂ ᠡᠰᠢ ᠰᠦᠷᠡᠯ ᠢ ᠶᠡᠷᠦᠩᠭᠡᠶᠢᠯᠡᠨ ᠠᠰᠢᠬᠯᠠᠵᠦ᠂ ᠠᠮᠤ ᠪᠤᠳᠠᠭ᠎ᠠ ᠪᠠᠨ ᠰᠢᠨᠵᠢᠯᠡᠬᠦ ᠤᠬᠠᠭᠠᠨᠴᠢ ᠪᠠᠷ ᠬᠠᠳᠠᠭᠠᠯᠠᠬᠤ | ᠲᠤᠬᠠᠢ ᠲᠠᠷᠢᠶᠠᠴᠢᠳ ᠢ ᠵᠤᠷᠢᠬᠵᠢᠭᠤᠯᠵᠦ᠂ ᠠᠮᠤ ᠪᠤᠳᠠᠭᠠᠨ ᠤ ᠬᠤᠬᠢᠷᠠᠯ ᠢ ᠪᠠᠭᠠᠰᠬᠠᠨ ᠤᠷᠤᠯᠭ᠎ᠠ ᠶᠢ ᠨᠢ | ᠨᠡᠮᠡᠭᠳᠡᠬᠦᠯᠬᠦ ᠪᠤᠯᠤᠨ᠎ᠠ᠃ ︵ᠲᠤᠯᠠᠭᠠᠨ ᠵᠤᠤ ᠶᠠᠨ ᠬᠤᠩ︶ |