ᠴᠤᠤᠯ ᠶᠢᠨ ᠵᠦ ᠠᠮᠤ ᠪᠤᠳᠠᠭᠠᠨ ᠤ ᠬᠢᠵᠠᠭᠠᠷᠲᠤ ᠺᠣᠮᠫᠠᠨᠢ ︽ᠰᠠᠶᠢᠨ ᠲᠤᠳᠤᠷᠭ᠎ᠠ︾ ᠶᠢ ︽ᠨᠡᠷᠡᠳᠤ ᠠᠮᠤ︾ ᠪᠤᠯᠭᠠᠬᠰᠠᠨ ᠲᠡᠤᠬᠡ
ᠨᠡᠶᠢᠲᠡᠯᠡᠭᠰᠡᠨ ᠴᠠᠭ᠄
2024/10/28
     ᠠᠯᠲᠠᠨ ᠰᠢᠷᠭᠠᠯ ᠤᠰᠤᠨ ᠲᠤᠳᠤᠷᠭ᠎ᠠ ᠶᠢᠨ ᠲᠠᠷᠢᠶ᠎ᠠ ᠨᠠᠮᠤᠷ ᠤᠨ ᠰᠠᠯᠬᠢ ᠶᠢᠨ ᠢᠯᠪᠢᠭᠡᠨ ᠳᠤ ᠬᠢᠯᠲᠠᠭᠠᠨᠠᠨ ᠳᠠᠪᠠᠯᠭᠠᠯᠠᠵᠤ᠂ ᠬᠠᠷᠠᠭ᠎ᠠ ᠶᠢ ᠲᠡᠯᠡᠵᠦ ᠰᠡᠳᠭᠢᠯ ᠢ ᠪᠠᠶᠠᠰᠬᠠᠨ᠂ ᠪᠠᠶᠠᠨ ᠨᠠᠮᠤᠷ ᠤᠨ ᠡᠯᠪᠡᠭ ᠬᠤᠷᠢᠶᠠᠯᠲᠠ ᠶᠢᠨ ᠬᠦᠭ ᠠᠶᠠᠰ ᠢ ᠴᠢᠪᠬᠠᠳᠠᠨ᠎ᠠ᠃ ︽ᠡᠨᠡ ᠪᠤᠯ ᠬᠦᠦ ᠪᠢᠳᠡ ᠬᠤᠶᠠᠷ ᠤᠨ ᠬᠠᠶᠢᠷᠠᠲᠠᠢ ᠦᠢᠯᠡᠰ ᠰᠢᠦ︾ ᠭᠡᠵᠦ ᠵᠠᠯᠠᠶᠢᠳ ᠬᠤᠰᠢᠭᠤᠨ ᠤ ᠴᠤᠤᠯ ᠶᠢᠨ ᠵᠦ ᠠᠮᠤ ᠪᠤᠳᠠᠭᠠᠨ ᠤ ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ ᠫᠢᠶᠤᠤ ᠴᠧᠩ ᠺᠦᠢ ᠲᠤᠳᠤᠷᠭᠠᠨ ᠲᠠᠷᠢᠶ᠎ᠠ ᠪᠠᠨ ᠬᠠᠷᠠᠵᠦ ᠰᠤᠷᠪᠤᠯᠵᠢᠯᠠᠬᠴᠢ ᠳᠤ ᠶᠠᠷᠢᠯ᠎ᠠ᠃      2008 ᠤᠨ ᠳᠤ᠂ ᠫᠢᠶᠤᠤ ᠴᠧᠩ ᠺᠦᠢ ᠲᠠᠭᠠᠭᠠᠴᠢᠯᠠᠵᠦ ᠠᠪᠤᠬᠰᠠᠨ ᠤᠰᠤᠨ ᠲᠤᠳᠤᠷᠭ᠎ᠠ ᠶᠢᠨ ᠲᠠᠷᠢᠶᠠᠨ ᠳᠠᠭᠠᠨ ᠲᠠᠷᠢᠶᠠᠨ ᠡᠮ ᠪᠠ ᠬᠢᠮᠢ ᠶᠢᠨ ᠪᠤᠷᠳᠤᠭᠤᠷ ᠬᠢᠭᠰᠡᠨ ᠦᠭᠡᠢ ᠪᠠᠷ ᠬᠤᠷᠢᠶᠠᠯᠳᠠ ᠶᠢᠨ ᠪᠠᠶᠢᠳᠠᠯ ᠢ ᠨᠢ ᠲᠤᠷᠰᠢᠨ ᠦᠵᠡᠪᠡ᠃ ᠨᠠᠮᠤᠷ ᠪᠤᠯᠬᠤ ᠳᠤ 1 ᠮᠦ ᠳᠠᠷᠢᠶᠠᠨ ᠭᠠᠵᠠᠷ ᠠᠴᠠ 300 ᠭᠠᠷᠤᠢ ᠵᠢᠩ ᠤᠰᠤᠨ ᠲᠤᠳᠤᠷᠭ᠎ᠠ ᠳᠤᠳᠠᠭᠤ ᠬᠤᠷᠢᠶᠠᠭᠰᠠᠨ ᠪᠤᠯᠪᠠᠴᠦ ᠪᠠᠭ᠎ᠠ ᠶᠢᠨ ᠦᠶ᠎ᠠ ᠶᠢᠨ ︽ᠲᠤᠳᠤᠷᠭ᠎ᠠ ᠪᠤᠳᠠᠭ᠎ᠠ︾ ᠶᠢᠨ ᠠᠮᠳᠠ ᠶᠢ ᠠᠮᠳᠠᠯᠠᠬᠳᠠᠪᠠ᠃ ᠰᠤᠷᠠᠭ ᠲᠤᠭᠤᠯᠵᠦ ᠢᠷᠡᠭᠰᠡᠨ ᠭᠠᠳᠠᠨ᠎ᠠ ᠮᠤᠵᠢ ᠶᠢᠨ ᠠᠷᠠᠯᠵᠢᠶᠠᠴᠢᠨ ᠡᠩ ᠤᠨ ᠳᠤᠳᠤᠷᠭ᠎ᠠ ᠶᠢᠨ ᠦᠨ᠎ᠠ ᠬᠠᠩᠰᠢ ᠠᠴᠠ 2 ᠲᠠᠬᠢᠨ ᠦᠨᠡᠳᠠᠢ ᠪᠠᠷ ᠲᠠᠬᠦᠨ ᠤ ᠲᠤᠳᠤᠷᠭ᠎ᠠ ᠶᠢ ᠪᠦᠬᠦᠨ ᠢ ᠬᠤᠳᠠᠯᠳᠤᠵᠤ ᠠᠪᠤᠪᠠ᠃ ᠲᠡᠭᠦᠨ ᠠᠴᠠ ᠬᠤᠶᠢᠰᠢ᠂ ᠫᠢᠶᠤᠤ ᠴᠧᠩ ᠺᠦᠢ ᠤᠰᠤᠨ ᠲᠤᠲᠤᠷᠭ᠎ᠠ ᠶᠢᠨ ᠲᠠᠷᠢᠶᠠᠨ ᠳᠠᠭᠠᠨ ᠡᠭᠦᠯᠳᠡᠷ ᠰᠢᠯᠭᠠᠷᠠᠭᠤᠯᠬᠤ ᠲᠤᠷᠰᠢᠯᠲᠠ ᠬᠢᠵᠦ᠂ ᠭᠠᠵᠠᠷ ᠤᠷᠤᠨ ᠳᠠᠭᠠᠨ ᠲᠤᠬᠢᠷᠠᠭᠰᠠᠨ ᠰᠢᠯᠢᠳᠡᠭ ᠡᠭᠦᠯᠳᠡᠷ ᠢ ᠪᠤᠶᠢᠵᠢᠭᠤᠯᠵᠦ᠂ ᠪᠤᠬᠢᠷᠲᠤᠯ ᠦᠬᠡᠢ ᠤᠷᠭᠠᠨᠢᠭ ᠤᠰᠤᠨ ᠲᠤᠳᠤᠷᠭ᠎ᠠ ᠲᠠᠷᠢᠬᠤ ᠵᠠᠮ ᠢ ᠬᠠᠶᠢᠪᠠ᠃ 2009 ᠣᠨ ᠳᠤ᠂ ᠲᠡᠷᠡ 9 ᠡᠷᠦᠬᠡ ᠶᠢ ᠳᠠᠶᠢᠴᠢᠯᠠᠵᠦ᠂ ᠪᠣᠬᠢᠷᠲᠤᠯ ᠦᠭᠡᠶ ᠣᠷᠭᠠᠨᠢᠭ ᠤᠰᠤᠨ ᠲᠤᠲᠤᠷᠭ᠎ᠠ ᠶᠢ 150 ᠮᠦ ᠲᠠᠷᠢᠵᠦ ᠠᠮᠵᠢᠯᠲᠠ ᠣᠯᠪᠠ᠃    ᠲᠠᠷᠠᠭ᠎ᠠ ᠵᠢᠯ ᠳᠤᠨᠢ ᠲᠡᠷᠡ ︽ᠴᠤᠤᠯ ᠶᠢᠨ ᠵᠦ︾ ᠲᠠᠸᠠᠷ ᠤᠨ ᠲᠡᠮᠳᠡᠭ ᠢ ᠳᠠᠩᠰᠠᠯᠠᠭᠤᠯᠵᠤ᠂ ᠵᠠᠯᠠᠶᠢᠳ ᠬᠤᠰᠢᠭᠤᠨ ᠤ ᠴᠤᠤᠯ ᠶᠢᠨ ᠵᠦ ᠠᠮᠤ ᠪᠤᠳᠠᠭᠠᠨ ᠤ ᠦᠢᠯᠡᠰ ᠤᠨ ᠬᠢᠵᠠᠭᠠᠷᠲᠤ ᠺᠣᠮᠫᠠᠨᠢ ᠪᠠ ᠵᠠᠯᠠᠶᠢᠳ ᠬᠤᠰᠢᠭᠤᠨ ᠤ ᠴᠤᠤᠯ ᠶᠢᠨ ᠵᠦ ᠲᠤᠲᠤᠷᠭ᠎ᠠ ᠶᠢᠨ ᠲᠤᠰᠬᠠᠢ ᠬᠤᠷᠰᠢᠶ᠎ᠠ ᠶᠢ ᠪᠠᠶᠢᠭᠤᠯᠵᠤ᠂ ᠠᠮᠤ ᠪᠤᠳᠠᠭᠠᠨ ᠤ ᠤᠨᠠᠯᠲᠠ ᠪᠠ ᠶᠠᠰᠤ ᠴᠢᠨᠠᠷ ᠢ ᠵᠡᠷᠭᠡ ᠪᠠᠷ ᠬᠥᠭᠵᠢᠭᠦᠯᠬᠦ ᠪᠣᠬᠢᠷᠲᠤᠯ ᠦᠭᠡᠢ ᠣᠷᠭᠠᠨᠢᠭ᠂ ᠲᠠᠷᠢᠶᠠᠯᠠᠩ ᠤᠨ ᠪᠦᠲᠦᠭᠡᠭᠳᠡᠬᠦᠨ ᠢ ᠨᠠᠷᠢᠯᠢᠭ ᠪᠤᠯᠪᠠᠰᠤᠷᠠᠭᠤᠯᠬᠤ ᠤᠳᠤᠬᠢᠴᠢᠯᠠᠬᠰᠠᠨ ᠲᠠᠷᠢᠶᠠᠯᠠᠩ ᠤᠨ ᠬᠥᠭᠵᠢᠯᠲᠡ ᠶᠢᠨ ᠵᠠᠮ ᠢᠶᠠᠷ ᠵᠠᠮᠨᠠᠵᠠᠢ᠃      ᠰᠠᠶᠢᠨ ᠤᠰᠤᠨ ᠲᠤᠲᠤᠷᠭ᠎ᠠ ᠲᠠᠷᠢᠬᠤ ᠨᠢ ᠫᠢᠶᠤᠤ ᠴᠧᠩ ᠺᠦᠢ ᠶᠢᠨ ᠠᠩᠬᠠᠨ ᠤ ᠬᠦᠭᠡᠭᠡᠴᠡᠯᠳᠦᠯ ᠪᠠᠶᠢᠭᠰᠠᠨ ᠪᠤᠯ ᠰᠠᠶᠢᠨ ᠲᠤᠳᠤᠷᠭ᠎ᠠ ᠪᠠᠨ ᠨᠡᠷᠡᠲᠦ ᠠᠮᠤ ᠪᠤᠯᠭᠠᠬᠤ ᠨᠢ ᠲᠡᠭᠦᠨ ᠤ ᠰᠢᠨ᠎ᠡ ᠬᠦᠭᠡᠭᠡᠴᠡᠯᠳᠦᠯ ᠪᠤᠯᠵᠠᠢ᠃ ᠲᠡᠷᠡ ᠪᠣᠬᠢᠷᠲᠤᠯ ᠥᠬᠡᠶ ᠣᠷᠭᠠᠨᠢᠭ ᠪᠠᠷᠢᠮᠵᠢᠶ᠎ᠠ ᠶᠢ ᠪᠠᠷᠢᠮᠲᠠᠯᠠᠬᠤ ᠶᠢᠨ ᠬᠠᠮᠲᠤ᠂ ᠵᠣᠷᠢᠭᠲᠠᠢ ᠬᠠᠶᠢᠨ ᠰᠦᠪᠡᠭᠴᠢᠯᠡᠨ ᠲᠤᠷᠰᠢᠯᠲᠠ ᠬᠢᠵᠦ᠂ ᠤᠰᠤᠨ ᠲᠤᠲᠤᠷᠭ᠎ᠠ ᠶᠢᠨ ᠰᠢᠨ᠎ᠡ ᠡᠭᠦᠯᠳᠡᠷ ᠢ ᠢᠳᠡᠪᠬᠢᠲᠡᠢ ᠰᠤᠳᠤᠯᠤᠨ᠂ ᠴᠢᠨᠠᠷ ᠰᠠᠶᠢᠲᠠᠶ ︽ᠠᠯᠲᠠᠨ ᠲᠤᠲᠤᠷᠭ᠎ᠠ ᠨᠢᠭᠡᠲᠦᠭᠡᠷ ᠨᠤᠮᠧᠷᠲᠦ︾ ᠪᠠ ︽  ᠶᠢᠨ ᠵᠦ ᠨᠢᠭᠡᠲᠦᠭᠡᠷ ᠨᠤᠮᠧᠷᠲᠦ︾ ᠵᠡᠷᠭᠡ 4 ᠥᠨᠳᠥᠷ ᠲᠣᠭᠲᠠᠭᠤᠨ ᠤᠨᠠᠯᠲᠠ ᠲᠠᠢ᠂ ᠴᠢᠨᠠᠷ ᠰᠠᠶᠢᠲᠠᠶ ᠤᠰᠤᠨ ᠲᠤᠲᠤᠷᠭ᠎ᠠ ᠶᠢᠨ ᠰᠢᠨ᠎ᠡ ᠡᠭᠦᠯᠳᠡᠷ ᠢ ᠪᠤᠶᠢᠵᠢᠭᠤᠯᠪᠠ᠃ ᠲᠡᠷᠡ ᠲᠤᠳᠤᠷᠭ᠎ᠠ ᠪᠠᠨ ᠡᠭᠦᠷᠴᠤ᠂ ᠤᠯᠤᠰ ᠤᠨ ᠬᠡᠪᠴᠢᠶᠡᠨ ᠤ ᠳᠡᠯᠭᠡᠨ ᠪᠣᠷᠣᠯᠠᠭᠤᠯᠭ᠎ᠠ ᠳᠤ ᠤᠯᠠᠨᠳᠠ ᠣᠷᠣᠯᠴᠠᠵᠤ᠂ ︽ᠤᠮᠠᠷᠠᠲᠤ ᠶᠢᠨ ᠠᠯᠳᠠᠨ ᠲᠤᠲᠤᠷᠭ᠎ᠠ · ᠴᠤᠤᠯ ᠶᠢᠨ ᠵᠦ︾ ᠶᠢᠨ ᠵᠠᠬ᠎ᠠ ᠲᠡᠯᠭᠡᠭᠦᠷ ᠢ ᠤᠯᠤᠰ ᠤᠨ ᠬᠡᠪᠴᠢᠶᠡᠨ᠎ᠠ ᠨᠡᠭᠡᠭᠡᠪᠡ᠃ ᠡᠨᠡ ᠵᠢᠯ᠂ ᠺᠣᠮᠫᠠᠨᠢ ᠨᠢ ᠨᠡᠶᠢᠲᠡ 22000 ᠮᠥ ᠤᠰᠤᠨ ᠲᠤᠳᠤᠷᠭ᠎ᠠ ᠲᠠᠷᠢᠵᠤ᠂ ᠡᠭᠦᠨ ᠳᠤ 1400 ᠮᠥ ᠨᠢ ᠣᠷᠭᠠᠨᠢᠭ ᠤᠰᠤᠨ ᠲᠤᠳᠤᠷᠭ᠎ᠠ ᠪᠠᠶᠢᠵᠦ᠂ ᠡᠷᠬᠢᠨ ᠲᠣᠭᠤᠷᠢᠨ ᠤ 500 ᠭᠠᠷᠤᠶ ᠲᠠᠷᠢᠶᠠᠴᠢᠨ ᠡᠷᠦᠬᠡ ᠶᠢ ᠳᠠᠶᠢᠴᠢᠯᠠᠨ᠂ ᠵᠢᠱᠢᠯᠲᠡ ᠪᠠᠷ ᠶᠡᠷᠦᠩᠬᠡᠶ ᠤᠨᠠᠯᠲᠠ 10000 ᠲᠣᠨ ᠣᠷᠴᠢᠮ ᠳᠤ ᠬᠦᠷᠬᠦ ᠪᠤᠯᠤᠨ᠎ᠠ᠃     ᠰᠤᠷᠪᠤᠯᠵᠢᠯᠠᠬᠴᠢ ᠫᠢᠶᠣᠣ ᠴᠧᠩ ᠺᠦᠢ ᠶᠢ ᠳᠠᠭᠠᠵᠤ ᠦᠢᠯᠡᠳᠪᠦᠷᠢ ᠶᠢᠨ ᠲᠠᠰᠤᠭ ᠲᠤᠨᠢ ᠬᠦᠷᠬᠦ ᠳᠤ᠂ ᠬᠦᠦ ᠨᠢ ᠫᠢᠶᠣᠣ ᠵᠧ ᠵᠢᠶᠦ᠋ᠨ ᠲᠡᠨᠳᠡ ᠶᠠᠭᠠᠷᠠᠵᠦ ᠪᠠᠶᠢᠯ᠎ᠠ᠃ ᠺᠣᠮᠫᠠᠨᠢ ᠶᠢᠨ ᠶᠡᠷᠦᠩᠬᠡᠢ ᠳᠠᠭᠠᠭᠠᠮᠠᠯ ᠫᠢᠶᠣᠣ ᠵᠧ ᠵᠢᠶᠦ᠋ᠨ ᠴᠤᠤᠯ ᠶᠢᠨ ᠵᠦ ᠲᠦᠷᠦᠯ ᠲᠡᠮᠳᠡᠭ ᠤᠨ ᠲᠤᠲᠤᠷᠭ᠎ᠠ ᠶᠢᠨ ᠢᠶᠠᠨ ︽ᠣᠷᠭᠠᠨᠢᠭ︾ ᠪᠠ ︽ᠪᠣᠬᠢᠷᠲᠤᠯ ᠦᠭᠡᠢ︾ ᠬᠤᠶᠠᠷ ᠶᠡᠭᠡ ᠰᠢᠷᠢᠰ ᠢ ᠲᠡᠭᠦᠯᠳᠡᠷᠵᠢᠭᠦᠯᠵᠦ᠂ 13 ᠦᠢᠯᠡᠳᠬᠦᠨ ᠲᠠᠢ ᠪᠤᠯᠵᠤ᠂ ᠪᠠᠰᠠ ︽ᠶᠢᠨ ᠵᠦ ᠨᠢᠭᠡᠳᠦᠭᠡᠷ ᠨᠤᠮᠧᠷᠲᠦ︾ ᠭᠡᠭᠦ ᠲᠦᠷᠦᠯ ᠲᠡᠮᠳᠡᠭ ᠲᠠᠢ ᠪᠣᠯᠵᠠᠢ᠃ ᠺᠣᠮᠫᠠᠨᠢ ᠶᠢᠨ ᠬᠢᠨᠢ ᠲᠤᠲᠤᠷᠭ᠎ᠠ ᠪᠠᠰᠠ ᠠᠩᠬᠠᠳᠠᠭᠴᠢ ᠪᠦᠯᠦᠭ ︽ᠦᠪᠦᠷ ᠮᠤᠩᠭᠤᠯ ᠨᠡᠷᠡᠮᠵᠢᠲᠦ︾ ᠲᠦᠷᠦᠯ ᠲᠡᠮᠲᠡᠭ ᠢᠶᠠᠷ ᠬᠡᠷᠡᠴᠢᠯᠡᠭᠦᠯᠵᠦ᠂ ᠴᠤᠤᠯ  ᠶᠢᠨ ᠵᠦ ᠰᠢᠷᠢᠰ ᠲᠤᠲᠤᠷᠭ᠎ᠠ ᠨᠢ ᠣᠯᠠᠨ ᠤᠯᠤᠰ ᠤᠨ ᠲᠠᠷᠢᠶᠠᠯᠠᠩ ᠤᠨ ᠪᠦᠲᠦᠭᠡᠭᠳᠡᠬᠦᠨ ᠤ ᠠᠷᠠᠯᠵᠢᠶᠠᠨ ᠤ ᠴᠤᠭᠯᠠᠭᠠᠨ ᠤ ᠠᠯᠲᠠᠨ ᠱᠠᠩᠨᠠᠯ᠂ ᠳᠡᠯᠡᠬᠡᠶ ᠶᠢᠨ ᠲᠠᠷᠢᠶᠠᠯᠠᠩ ᠤᠨ ᠦᠵᠡᠰᠬᠦᠯᠡᠩ ᠤᠨ ᠠᠯᠲᠠᠨ ᠱᠠᠩᠨᠠᠯ᠂ ᠭᠤᠷᠪᠠᠳᠤᠭᠠᠷ ᠬᠤᠭᠤᠴᠠᠭᠠᠨ ᠤ ᠣᠯᠠᠨ ᠤᠯᠤᠰ ᠤᠨ ᠠᠮᠤ ᠪᠤᠳᠠᠭᠠᠨ ᠤ ᠢᠳᠡᠭᠡᠨ ᠤ ᠵᠦᠢᠯ ᠤᠨ ᠰᠢᠯᠭᠠᠨ ᠬᠢᠨᠠᠬᠤ ᠶᠡᠭᠡ ᠬᠤᠷᠠᠯ ᠤᠨ ᠴᠢᠨᠠᠷ ᠰᠠᠶᠢᠲᠠᠶ ᠭᠠᠷᠤᠯᠲᠠ ᠶᠢᠨ ᠣᠷᠣᠨ ᠤ ᠳᠤᠭᠤᠢᠢᠯᠠᠩ ᠤᠨ ᠠᠯᠲᠠᠨ ᠱᠠᠩᠨᠠᠯ ᠵᠡᠷᠭᠡ ᠶᠢ ᠣᠯᠠᠨᠲᠠ ᠭᠥᠷᠳᠡᠪᠡ᠃      ᠫᠢᠶᠣᠣ ᠴᠧᠩ ᠺᠦᠢ ᠠᠪᠤ ᠬᠦᠦ ᠬᠤᠶᠠᠭᠤᠯᠠ ︽ᠺᠣᠮᠫᠠᠨᠢ + ᠲᠤᠰᠬᠠᠢ ᠬᠤᠷᠰᠢᠶ᠎ᠠ + ᠰᠠᠭᠤᠷᠢᠨ + ᠲᠠᠷᠢᠶᠠᠴᠢᠨ ᠡᠷᠦᠬᠡ︾ ᠶᠢᠨ ᠵᠠᠭᠪᠤᠷ ᠢ ᠬᠡᠷᠡᠭᠯᠡᠵᠦ᠂ ᠨᠢᠭᠡᠳᠦᠯᠲᠡᠢ ᠦᠢᠯᠡᠳᠪᠦᠷᠢᠯᠡᠨ᠂ ᠨᠢᠭᠡᠳᠦᠯᠲᠡᠢ ᠪᠣᠷᠣᠯᠠᠭᠤᠯᠵᠤ᠂ ᠲᠠᠷᠢᠶᠠᠴᠢᠨ ᠲᠦᠮᠡᠨ ᠳᠤ ᠲᠠᠷᠢᠶᠠᠯᠠᠩ ᠤᠨ ᠪᠦᠲᠦᠭᠡᠭᠳᠡᠬᠦᠨ ᠢ ᠨᠠᠷᠢᠯᠢᠭ ᠪᠤᠯᠪᠠᠰᠤᠷᠠᠭᠤᠯᠵᠤ᠂ ᠲᠦᠷᠦᠯ ᠲᠡᠮᠳᠡᠭᠵᠢᠭᠦᠯᠦᠨ ᠪᠣᠷᠣᠯᠠᠭᠤᠯᠬᠤ ᠶᠢᠨ ᠠᠰᠢᠭ ᠲᠤᠰᠠ ᠶᠢ ᠬᠦᠷᠲᠡᠭᠡᠨ᠂ ᠬᠤᠷᠰᠢᠨ ᠡᠵᠡᠩᠨᠡᠵᠦ ᠬᠠᠮᠲᠤ ᠪᠠᠷ ᠪᠠᠶᠠᠵᠢᠬᠤ ᠶᠢ ᠪᠡᠶᠡᠯᠡᠭᠦᠯᠪᠡ᠃ ︽ᠬᠤᠷᠰᠢᠶ᠎ᠠ ᠠᠴᠠ ᠬᠢᠮᠢ ᠶᠢᠨ ᠪᠤᠷᠳᠤᠭᠤᠷ᠂ ᠲᠠᠷᠢᠶᠠᠨ ᠦᠷ᠎ᠡ ᠶᠢ ᠨᠢᠭᠡᠳᠦᠯᠲᠡᠢ ᠬᠠᠩᠭᠠᠵᠤ᠂ ᠮᠡᠷᠭᠡᠵᠢᠯ ᠤᠨ ᠲᠠᠯ᠎ᠠ ᠪᠠᠷ ᠵᠢᠯᠤᠭᠤᠳᠤᠯᠭ᠎ᠠ ᠬᠠᠨᠭ᠍ᠭᠠᠵᠦ᠂ ᠨᠠᠮᠤᠷ ᠪᠤᠯᠪᠠᠯ ᠵᠠᠬ᠎ᠠ ᠳᠡᠯᠭᠡᠭᠦᠷ ᠤᠨ ᠦᠨ᠎ᠡ ᠠᠴᠠ ᠥᠨᠳᠥᠷ ᠦᠨ᠎ᠡ ᠪᠠᠷ ᠬᠤᠷᠢᠶᠠᠵᠤ ᠠᠪᠤᠨ᠎ᠠ᠂ ᠪᠢ ᠲᠤᠰᠬᠠᠢ ᠬᠤᠷᠰᠢᠶ᠎ᠠ ᠳᠤ ᠬᠦᠴᠦ ᠶᠠᠪᠤᠵᠤ᠂ ᠡᠳᠦᠷ  ᠲᠤ 200 ᠲᠥᠭᠦᠷᠢᠭ ᠤᠨ ᠴᠠᠯᠢᠩ ᠲᠠᠢ︾ ᠭᠡᠵᠦ ᠵᠠᠯᠠᠶᠢᠳ ᠬᠤᠰᠢᠭᠤᠨ ᠤ ᠢᠨᠳᠡᠷ ᠪᠠᠯᠭᠠᠰᠤᠨ ᠤ ᠰᠢᠩᠬᠤᠸᠠ ᠭᠠᠴᠠᠭᠠᠨ ᠤ ᠲᠠᠷᠢᠶᠠᠴᠢᠨ ᠸᠠᠩ ᠵᠢᠩ ᠱᠦᠨ ᠬᠡᠯᠡᠨ᠎ᠡ᠃      ᠮᠦᠬᠦᠯᠢᠭ ᠠᠮᠤ ᠪᠠᠷ ᠨᠢᠭᠡ ᠠᠵᠦ ᠦᠢᠯᠡᠰ ᠢ ᠪᠤᠰᠬᠠᠵᠦ᠂ ᠮᠦᠬᠦᠯᠢᠭ ᠠᠮᠤ ᠪᠠᠷ ᠨᠢᠭᠡ ᠭᠠᠵᠠᠷ ᠤᠨ ᠠᠷᠠᠳ ᠢ ᠪᠠᠶᠠᠵᠢᠭᠤᠯᠬᠤ ᠨᠢ ᠫᠢᠶᠤᠤ ᠴᠸᠡᠭ ᠺᠦᠢ ᠠᠪᠤ ᠬᠦᠤ ᠬᠤᠶᠠᠭᠤᠯᠠ ᠶᠢᠨ ᠬᠦᠭᠡᠭᠡᠴᠡᠯᠳᠤᠯ ᠶᠤᠮ᠃ ᠤᠰᠤᠨ ᠲᠤᠲᠤᠷᠭ᠎ᠠ ᠲᠠᠷᠢᠵᠦ᠂ ᠲᠤᠰᠬᠠᠢ ᠬᠤᠷᠰᠢᠶ᠎ᠠ ᠪᠠᠶᠢᠭᠤᠯᠤᠨ᠂ ᠴᠤᠤᠯ ᠶᠢᠨ ᠵᠤ᠋ ᠲᠦᠷᠦᠯ ᠲᠡᠮᠲᠡᠭ ᠤᠨ ᠲᠤᠲᠤᠷᠭ᠎ᠠ ᠶᠢᠨ ︽ᠤᠷᠭᠠᠨᠢᠬ︾ ᠪᠤᠯᠤᠨ ︽ᠪᠤᠬᠢᠷᠲᠦᠯ ᠦᠭᠡᠢ︾ ᠬᠤᠶᠠᠷ ᠶᠡᠭᠡ ᠰᠢᠷᠢᠰ ᠢ ᠰᠤᠲᠤᠯᠤᠨ ᠲᠡᠭᠦᠯᠲᠡᠷᠵᠢᠭᠦᠯᠵᠦ᠂ 13 ᠦᠢᠯᠡᠳᠭᠦᠨ ᠪᠠ ︽ᠶᠢᠨ ᠵᠤ᠋ ᠨᠢᠭᠡᠲᠦᠭᠡᠷ ᠨᠤᠮᠧᠷᠲᠦ︾ ᠶᠢᠨ ᠲᠦᠷᠦᠯ ᠲᠡᠮᠳᠡᠭ ᠲᠠᠢ ᠪᠣᠯᠬᠤ ᠬᠦᠷᠲᠡᠯ᠎ᠡ᠂ ᠠᠪᠤ ᠬᠦᠤ ᠬᠤᠶᠠᠭᠤᠯᠠ ᠪᠠᠨ 40 ᠵᠢᠯ ᠴᠢᠷᠮᠠᠶᠢᠨ ᠲᠡᠮᠡᠴᠡᠵᠦ ᠢᠷᠡᠵᠠᠢ᠃ ︽ᠲᠠᠷᠠᠭᠠᠴᠢ ᠪᠠᠷ ᠪᠢᠳᠡ ︿ᠦᠪᠦᠷ ᠮᠣᠩᠭᠤᠯ ᠨᠡᠷᠡᠮᠵᠢᠲᠦ﹀ ᠲᠦᠷᠦᠯ ᠲᠡᠮᠲᠡᠭ ᠤᠨ ᠪᠠᠷᠢᠮᠵᠢᠶ᠎ᠠ ᠶᠢᠨ ᠰᠢᠰᠲ᠋ᠧᠮ ᠢᠶᠠᠷ ᠦᠢᠯᠡᠳᠪᠦᠷᠢᠯᠡᠯ ᠤᠨ ᠶᠠᠰᠤ ᠴᠢᠨᠠᠷ ᠢ ᠴᠢᠩᠭ᠎ᠠ ᠡᠵᠡᠮᠳᠡᠵᠦ᠂ ᠮᠠᠨ ᠤ ᠴᠤᠤᠯ ᠶᠢᠨ ᠵᠦ ᠠᠮᠤ ᠪᠤᠳᠠᠭ᠎ᠠ ᠶᠢ ᠲᠦᠭ ᠲᠦᠮᠡᠨ ᠠᠶᠢᠯ ᠡᠷᠦᠬᠡ ᠶᠢᠨ ᠰᠣᠩᠭᠤᠯᠲᠠ ᠪᠣᠯᠭᠠᠵᠤ ᠂ ᠬᠢᠩᠭᠠᠨ ᠠᠶᠢᠮᠠᠭ ᠤᠨ ᠲᠤᠲᠤᠷᠭ᠎ᠠ ᠶᠢᠨ ᠲᠥᠷᠥᠯ ᠲᠡᠮᠳᠡᠭ ᠤᠨ ᠨᠥᠯᠥᠭᠡᠯᠡᠬᠦ ᠬᠦᠴᠦᠨ ᠪᠠ ᠨᠡᠷ᠎ᠡ ᠠᠯᠳᠠᠷᠰᠢᠯ ᠢ ᠨᠡᠮᠡᠭᠳᠡᠭᠦᠯᠦᠨ᠎ᠠ︾ ᠭᠡᠵᠦ ᠫᠢᠶᠣᠣ ᠵᠧ ᠵᠢᠶᠦ᠋ᠨ ᠪᠤᠳᠤᠯ ᠢᠶᠠᠨ ᠲᠡᠯᠭᠡᠨ᠎ᠠ᠃
 
ᠢᠷᠡᠯᠲᠡ᠄ ᠬᠦᠯᠦᠭ ᠰᠢᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号