ᠵᠤᠷᠢᠭ ᠲᠠᠢ ᠵᠠᠯᠠᠭᠤ ᠶᠢᠨ ᠦᠭᠡᠳᠡ ᠲᠠᠢ ᠦᠢᠯᠡᠰ
ᠨᠡᠶᠢᠲᠡᠯᠡᠭᠰᠡᠨ ᠴᠠᠭ᠄
2024/1/23
   ᠵᠠᠯᠠᠶᠢᠳ ᠬᠤᠰᠢᠭᠤᠨ ᠤ ᠠᠯᠳᠠᠷᠳᠤ ᠰᠤᠮᠤ ᠶᠢᠨ ᠪᠠᠶᠠ ᠭᠠᠴᠠᠭ᠎ᠠ ᠪᠠᠷ ᠨᠤᠳᠤᠬᠳᠠᠢ ᠵᠠᠩ ᠱᠦ ᠭᠤᠸᠠᠩ ᠡᠨᠡ ᠵᠢᠯ ᠰᠠᠶ᠋ᠢ ᠭᠤᠴᠢᠨ ᠲᠦᠷᠪᠡᠳᠡᠢ ᠪᠤᠯᠪᠠᠴᠦ ᠠᠷᠪᠠᠭᠠᠳ ᠵᠢᠯ ᠦᠢᠯᠡᠰ ᠪᠤᠰᠬᠠᠬᠰᠠᠨ ᠲᠤᠷᠰᠢᠯᠭ᠎ᠠ ᠲᠠᠢ ᠪᠦᠭᠡᠳ ᠤᠳᠤ ᠭᠤᠷᠪᠠᠨ ᠲᠡᠯᠬᠡᠬᠦᠷ ᠡᠵᠡᠩᠨᠡᠵᠤ ᠬᠢᠯᠠᠷᠠᠭᠤᠯᠵᠦ ᠶᠠᠪᠤᠭ᠎ᠠ ᠶᠤᠮ᠃    ᠬᠡᠷ ᠤᠨ ᠠᠮᠢᠳᠦᠷᠠᠯ ᠨᠢ ᠬᠦᠴᠢᠷᠳᠡᠢ ᠠᠴᠠ ᠪᠤᠯᠵᠦ᠂ ᠵᠠᠩ ᠱᠦ ᠭᠤᠸᠠᠩ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠪᠠᠨ ᠲᠡᠬᠦᠰᠦᠮᠡᠭᠴᠡ ᠤᠯᠠᠭᠠᠨᠬᠤᠳᠠ ᠳᠤ ᠢᠷᠡᠵᠦ᠂ ᠬᠠᠯᠠᠭᠤᠨ ᠲᠤᠭᠤᠭᠠᠨ ᠤ ᠭᠠᠵᠠᠷ ᠦᠢᠯᠡᠴᠢᠯᠡᠭᠴᠢ ᠶᠢᠨ ᠠᠵᠢᠯ ᠬᠢᠬᠦ ᠳᠡᠭᠡᠨ ᠦᠪᠡᠷ ᠤᠨ ᠬᠡᠰᠡᠨ ᠲᠡᠯᠬᠡᠬᠦᠷ ᠲᠠᠢ ᠪᠤᠯᠬᠤ ᠪᠠᠷ ᠬᠠᠳᠠᠭᠤ ᠵᠤᠷᠢᠭ ᠰᠢᠭᠤᠳᠴᠠᠢ᠃ ᠢᠳᠡᠬᠡᠯ ᠤᠨ ᠬᠦᠴᠦᠨ ᠳᠤ ᠠᠮᠢᠳᠦᠷᠠᠯ ᠰᠠᠶᠢᠬᠠᠨ᠂ ᠵᠢᠳᠬᠦᠯ ᠤᠨ ᠬᠦᠴᠦᠨ ᠳᠤ ᠦᠢᠯᠡᠰ ᠰᠠᠶᠢᠬᠠᠨ ᠬᠡᠳᠡᠭ ᠢᠶᠠᠷ᠂ ᠵᠠᠩ ᠱᠦ ᠭᠤᠸᠠᠩ ᠤᠷᠢᠳ ᠬᠤᠵᠢᠳ ᠲᠡᠷᠬᠡ ᠤᠬᠢᠶᠠᠬᠤ ᠭᠠᠵᠠᠷ᠂ ᠴᠢᠴᠢᠬᠦᠷ ᠪᠦᠮᠪᠦᠭᠡ ᠶᠢᠨ ᠲᠢᠩᠬᠢᠮ᠂ ᠪᠠᠷᠠᠭᠠᠨ ᠬᠦᠢᠯᠬᠡᠬᠡ ᠶᠢᠨ ᠺᠤᠮᠫᠠᠨᠢ᠂ ᠮᠠᠰᠢᠨ ᠲᠡᠷᠬᠡ ᠰᠡᠯᠪᠢᠨ ᠵᠠᠰᠠᠬᠤ ᠦᠢᠯᠡᠳᠪᠦᠷᠢ᠂ ᠵᠠᠰᠠᠯ ᠴᠢᠮᠡᠭᠯᠡᠯ ᠤᠨ ᠺᠤᠮᠫᠠᠨᠢ ᠵᠡᠷᠭᠡ ᠶᠢ ᠡᠷᠬᠢᠯᠡᠵᠤ ᠶᠠᠪᠤᠭᠠᠳ ᠵᠤᠬᠢᠬᠤ ᠬᠡᠮᠵᠢᠶᠡᠨ ᠤ ᠪᠡᠯᠡ ᠮᠦᠩᠬᠦ ᠪᠠ ᠠᠷᠭ᠎ᠠ ᠲᠤᠷᠰᠢᠯᠭ᠎ᠠ ᠶᠢ ᠬᠤᠷᠠᠮᠳᠤᠭᠤᠯᠤᠬᠰᠠᠨ ᠶᠤᠮ᠃ ᠵᠠᠩ ᠱᠦ ᠭᠤᠸᠠᠩ 2017 ᠤᠨ ᠳᠤ ︽ᠱᠦ ᠭᠤᠸᠠᠩ ᠬᠠᠭᠤᠴᠢᠨ ᠮᠠᠰᠢᠨ ᠤ ᠰᠤᠯᠢᠯᠴᠠᠭᠠᠨ ᠤ ᠬᠢᠵᠠᠭᠠᠷᠳᠤ ᠺᠤᠮᠫᠠᠨᠢ︾ ᠪᠠᠨ ᠪᠠᠶᠢᠭᠤᠯᠤᠬᠰᠠᠨ ᠢᠶᠠᠷ ᠪᠠᠷᠠᠬᠤ ᠦᠬᠡᠢ ᠤᠯᠠᠭᠠᠨᠬᠤᠳᠠ ᠳᠤ ᠦᠬᠡᠷ ᠤᠨ ᠮᠢᠬ᠎ᠠ ᠶᠢᠨ ᠮᠢᠨᠳᠤᠤᠷ ᠤᠨ ᠬᠤᠭᠤᠯᠠᠨ ᠬᠡᠷ ᠴᠦᠬᠡᠨ ᠪᠠᠶᠢᠬᠤ ᠶᠢ ᠮᠡᠳᠡᠭᠰᠡᠨ ᠤ ᠲᠠᠷᠠᠭ᠎ᠠ᠂ ᠰᠢᠯᠢ ᠶᠢᠨ ᠭᠤᠤᠯ ᠠᠶᠢᠮᠠᠭ᠂ ᠬᠦᠯᠦᠨ ᠪᠤᠶᠢᠷ ᠬᠤᠳᠠ᠂ ᠤᠯᠠᠭᠠᠨᠬᠠᠳᠠ ᠬᠤᠳᠠ ᠪᠠᠷ ᠶᠠᠪᠤᠵᠦ᠂ ᠦᠬᠡᠷ ᠤᠨ ᠮᠢᠬ᠎ᠠ ᠶᠢᠨ ᠮᠢᠨᠳᠤᠤᠷ ᠬᠢᠬᠦ ᠮᠡᠷᠬᠡᠵᠢᠯ ᠰᠤᠷᠴᠦ᠂ ᠬᠠᠮᠢᠶ᠎ᠠ ᠪᠦᠬᠦᠢ ᠲᠤᠨᠤᠭ ᠲᠦᠬᠦᠭᠡᠷᠦᠮᠵᠢ ᠪᠠᠨ ᠪᠦᠷᠢᠨ ᠪᠡᠯᠡᠳᠭᠡᠨ᠂ 2020 ᠤᠨ ᠤ 7 ᠰᠠᠷ᠎ᠠ ᠳᠤ ᠤᠯᠠᠭᠠᠨᠬᠤᠳᠠ ᠳᠤ ︽ᠰᠢᠯᠢ ᠶᠢᠨ ᠭᠤᠤᠯ ᠮᠤᠩᠭᠤᠯ ᠤᠨᠴᠠᠯᠢᠬᠳᠤ ᠮᠢᠨᠳᠤᠤᠷ ᠤᠨ ᠬᠤᠭᠤᠯᠡᠨ ᠭᠡᠷ︾ ᠨᠡᠬᠡᠬᠡᠵᠦ᠂ 2023 ᠤᠨ ᠤ 7 ᠰᠠᠷ᠎ᠠ ᠳᠤ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ ᠬᠤᠷᠴᠢᠨ ᠪᠠᠯᠭᠠᠰᠦᠨ ᠳᠤ ᠪᠠᠰᠠ ᠨᠢᠭᠡᠨ ︽ᠰᠢᠯᠢ ᠶᠢᠨ ᠭᠤᠤᠯ ᠮᠤᠩᠭᠤᠯ ᠤᠨᠴᠠᠯᠢᠬᠳᠤ ᠮᠢᠨᠳᠤᠤᠷ ᠤᠨ ᠬᠤᠭᠤᠯᠡᠨ ᠭᠡᠷ︾ ᠢᠶᠠᠨ ᠨᠡᠬᠡᠬᠡᠭᠰᠡᠨ ᠪᠠᠶᠢᠨ᠎ᠠ᠃     ᠵᠢᠳᠬᠦᠯ ᠭᠠᠷᠭᠠᠬᠰᠠᠨ ᠡᠳᠦᠷ ᠤᠨ ᠴᠢᠨᠢ ᠲᠤᠭ᠎ᠠ ᠪᠠᠷ ᠱᠠᠩᠨᠠᠯ ᠢᠷᠡᠵᠦ᠂ ᠵᠦᠪ ᠶᠠᠪᠤᠬᠰᠠᠨ ᠦᠨᠡᠨ ᠤ ᠴᠢᠨᠢ ᠮᠦᠷ ᠢᠶᠠᠷ ᠠᠵᠠ ᠵᠢᠷᠭᠠᠯ ᠢᠷᠡᠳᠡᠭ᠃ ᠵᠠᠩ ᠱᠦ ᠭᠤᠸᠠᠩ ᠬᠤᠭᠤᠯᠠᠨ ᠬᠡᠷ ᠤᠨ ᠢᠶᠠᠨ ᠠᠷᠢᠭᠤᠨ ᠴᠡᠪᠡᠷ ᠪᠠ ᠬᠤᠭᠤᠯᠠ ᠤᠮᠳᠠ ᠶᠢᠨ ᠢᠶᠠᠨ ᠠᠮᠳᠠ ᠰᠢᠮᠳᠡ ᠶᠢ ᠮᠠᠰᠢ ᠴᠢᠬᠤᠯᠠᠴᠢᠯᠠᠳᠠᠭ ᠪᠤᠯᠬᠤᠷ ᠡᠨᠡ ᠬᠤᠶᠠᠷ ᠬᠤᠭᠤᠯᠠᠨ ᠬᠡᠷ ᠨᠢ ᠡᠳᠦᠷ ᠪᠦᠷᠢ ᠬᠤᠶᠠᠷ ᠭᠤᠷᠪᠠᠨ ᠵᠠᠭᠤᠨ ᠬᠦᠮᠦᠨ ᠢ ᠬᠦᠯᠢᠶᠡᠨ ᠠᠪᠬᠤ ᠪᠤᠯᠵᠤ᠂ ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠤᠯᠵᠦ ᠪᠠᠶᠢᠨ᠎ᠠ᠃ ᠲᠡᠬᠦᠨ ᠤ ᠬᠠᠭᠤᠴᠢᠨ ᠮᠠᠰᠢᠨ ᠤ ᠺᠤᠮᠫᠠᠨᠢ ᠨᠢ ᠴᠤ ᠬᠦᠭᠵᠢᠶᠡᠨ ᠲᠠᠢ ᠪᠠᠶᠢᠵᠦ᠂ ᠠᠮᠢᠳᠦᠷᠠᠯ ᠠᠬᠤᠢ ᠪᠠᠨ ᠦᠬᠡᠳᠡ ᠲᠠᠳᠠᠵᠦ᠂ ᠬᠤᠳᠠ ᠤᠷᠤᠵᠦ ᠦᠢᠯᠡᠰ ᠪᠤᠰᠬᠠᠬᠴᠢᠳ ᠤᠨ ᠦᠯᠢᠬᠡᠷ ᠲᠠᠭᠤᠷᠢᠶᠠᠯ ᠪᠤᠯᠵᠦ ᠶᠠᠪᠤᠨ᠎ᠠ᠃ ᠠᠮᠢᠳᠦᠷᠠᠯ ᠬᠠᠶᠢᠷ᠎ᠠ ᠲᠡᠭᠡᠷ᠎ᠡ ᠲᠤᠬᠳᠠᠵᠦ᠂ ᠦᠢᠯᠡᠰ ᠵᠢᠳᠬᠦᠯ ᠲᠡᠭᠡᠷ᠎ᠡ ᠰᠦᠮᠪᠦᠷᠯᠡᠨ᠎ᠡ ᠬᠡᠭᠴᠢ ᠡᠨᠡ ᠪᠤᠶᠤ︕
         
                   ᠡᠤ ᠰᠡᠷᠬᠦᠯᠡᠩ ᠰᠡᠭᠦᠳᠡᠷᠯᠡᠨ ᠮᠡᠳᠡᠭᠡᠯᠡᠪᠡ
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号