| ᠨᠢᠭᠡ᠂ ᠮᠡᠷᠭᠡᠵᠢᠯ ᠤᠨ ᠲᠦᠢᠮᠣᠴᠢᠯᠠᠯ | ᠬᠤᠷᠠᠭ᠎ᠠ ᠵᠢᠴᠢ ᠪᠡᠯᠡᠳᠬᠡᠯ ᠬᠤᠨᠢ ᠪᠣᠯ ᠬᠤᠨᠢᠨ ᠤ ᠠᠵᠤ ᠦᠢᠯᠡᠰ ᠤᠨ ᠰᠠᠭᠤᠷᠢ ᠪᠣᠯᠣᠨ᠎ᠠ᠃ ᠬᠤᠷᠠᠭ᠎ᠠ | ᠪᠤᠶᠢᠵᠢᠭᠤᠯᠬᠤ ᠳᠤ ᠪᠣᠳᠠᠲᠠᠢ ᠣᠷᠣᠰᠢᠵᠤ ᠪᠠᠶᠢᠭ᠎ᠠ ᠭᠤᠣᠯ ᠠᠰᠠᠭᠤᠳᠠᠯ ᠭᠡᠪᠡᠯ᠂ ᠬᠥᠬᠦᠭᠦᠯᠬᠦ ᠬᠤᠭᠤᠴᠠᠭ᠎ᠠ ᠨᠢ 90 | ᠡᠳᠦᠷ ᠪᠠᠶᠢᠳᠠᠭ ᠴᠦ ᠪᠤᠶᠢᠵᠢᠯᠳᠠ ᠶᠢᠨ ᠨᠣᠷᠮ᠎ᠠ ᠨᠢ 80% ᠬᠦᠷᠳᠡᠭ ᠦᠭᠡᠢ᠂ ᠬᠦᠨᠳᠦ ᠶᠢᠨ ᠨᠡᠮᠡᠭᠳᠡᠯ ᠨᠢ | ᠤᠳᠠᠭᠠᠨ᠂ ᠵᠠᠷᠤᠴᠠᠭᠤᠯᠤᠯᠳᠠ ᠶᠢᠨ ᠨᠣᠷᠮ᠎ᠠ ᠨᠢ ᠳᠣᠣᠷ᠎ᠠ ︵ᠶᠡᠷᠦ ᠳᠡᠭᠡᠨ 12 ᠰᠠᠷ᠎ᠠ ᠬᠡᠷᠡᠭᠰᠡᠨ᠎ᠡ︶᠂ ᠴᠢᠨᠠᠷ | ᠰᠠᠶᠢᠲᠠᠢ ᠪᠡᠯᠡᠳᠬᠡᠯ ᠬᠤᠨᠢᠨ ᠤ ᠢᠷᠡᠯᠲᠡ ᠨᠢ ᠬᠦᠷᠦᠯᠴᠡᠬᠦ ᠦᠭᠡᠢ ᠠᠴᠠ ᠪᠣᠯᠵᠤ᠂ ᠠᠵᠤ ᠦᠢᠯᠡᠰ ᠤᠨ | ᠬᠥᠭᠵᠢᠯᠲᠡ ᠳᠤ ᠪᠡᠯᠡᠳᠬᠡᠯ ᠬᠦᠴᠦᠨ ᠲᠤᠲᠠᠭᠳᠠᠵᠤ᠂ ᠵᠠᠬ᠎ᠠ ᠳᠡᠯᠭᠡᠭᠦᠷ ᠤᠨ ᠥᠷᠢᠰᠦᠯᠳᠦᠬᠦ ᠬᠦᠴᠦᠨ ᠳᠣᠣᠷ᠎ᠠ᠂ | ᠮᠠᠯᠴᠢᠨ ᠲᠠᠷᠢᠶᠠᠴᠢᠨ ᠤ ᠲᠡᠵᠢᠭᠡᠨ ᠦᠷᠡᠵᠢᠭᠦᠯᠬᠦ ᠦᠷ᠎ᠡ ᠠᠰᠢᠭ ᠳᠣᠣᠷ᠎ᠠ ᠪᠣᠯᠵᠤ᠂ ᠠᠵᠤ ᠦᠢᠯᠡᠰ ᠤᠨ ᠡᠷᠡᠭᠦᠯ ᠢᠶᠠᠷ | ᠬᠥᠭᠵᠢᠬᠦ ᠶᠢ ᠰᠢᠭᠤᠳ ᠨᠦᠯᠦᠭᠡᠯᠡᠳᠡᠭ᠃ ︽ᠬᠤᠷᠠᠭ᠎ᠠ ᠶᠢ ᠡᠬᠡ ᠠᠴᠠ ᠨᠢ ᠰᠠᠯᠭᠠᠭᠰᠠᠨ ᠡᠬᠢᠨ ᠤ ᠬᠤᠭᠤᠴᠠᠭ᠎ᠠ ᠪᠠ | ᠤᠭᠵᠢᠬᠤ ᠮᠡᠷᠭᠡᠵᠢᠯ︾ ᠢ 2000 ᠣᠨ ᠠᠴᠠ ᠡᠬᠢᠯᠡᠨ ᠰᠤᠳᠤᠯᠵᠤ᠂ ᠣᠳᠣᠬᠠᠨ ᠳᠤ ᠨᠢᠭᠡᠨᠲᠡ ᠨᠢᠭᠡ ᠢᠵᠢ | ᠬᠤᠷᠠᠭᠠᠨ ᠤ ᠰᠦ ᠶᠢ ᠤᠷᠤᠯᠠᠭᠤᠯᠬᠤ ᠦᠢᠯᠡᠳᠬᠦᠨ ᠢ ᠰᠤᠳᠤᠯᠤᠨ ᠨᠡᠭᠡᠭᠡᠬᠦ᠂ ᠲᠡᠵᠢᠭᠡᠬᠦ ᠳᠤ ᠰᠠᠭᠤᠷᠢᠯᠠᠭᠰᠠᠨ | ᠠᠩᠬᠠᠨ ᠤ ᠬᠤᠭᠤᠴᠠᠭᠠᠨ ᠤ ᠰᠦ ᠠᠴᠠ ᠨᠢ ᠰᠠᠯᠭᠠᠬᠤ ᠡᠷᠡᠭᠦᠯ ᠢᠶᠠᠷ ᠪᠤᠶᠢᠵᠢᠭᠤᠯᠬᠤ ᠮᠡᠷᠭᠡᠵᠢᠯ ᠤᠨ ᠰᠢᠰᠲ᠋ᠧᠮ ᠢ | ᠪᠠᠶᠢᠭᠤᠯᠵᠤ᠂ ᠲᠣᠰ ᠮᠡᠷᠭᠡᠵᠢᠯ ᠢ ᠪᠥᠬᠦ ᠤᠯᠤᠰ ᠲᠤ 10 ᠭᠠᠷᠤᠢ ᠵᠢᠯ ᠳᠡᠯᠭᠡᠷᠡᠭᠦᠯᠦᠨ ᠬᠡᠷᠡᠭᠯᠡᠭᠡᠳ ᠬᠤᠨᠢ ᠲᠡᠵᠢᠭᠡᠬᠦ | ᠡᠷᠦᠬᠡ ᠳᠤ ᠮᠡᠳᠡᠷᠡᠭᠳᠡᠵᠦ᠂ ᠬᠤᠷᠠᠭ᠎ᠠ ᠶᠢᠨ ᠪᠤᠶᠢᠵᠢᠯᠳᠠ ᠶᠢᠨ ᠨᠣᠷᠮ᠎ᠠ ᠶᠢ ᠳᠡᠭᠡᠭᠰᠢᠯᠡᠭᠦᠯᠬᠦ ᠬᠠᠮᠤᠭ ᠤᠨ ᠲᠡᠷᠢᠭᠦᠨ | ᠰᠤᠩᠭᠤᠯᠲᠠ ᠶᠢᠨ ᠮᠡᠷᠭᠡᠵᠢᠯ ᠪᠣᠯᠤᠭᠰᠠᠨ ᠪᠠᠶᠢᠨ᠎ᠠ᠃ | ᠬᠤᠶᠠᠷ᠂ ᠮᠡᠷᠭᠡᠵᠢᠯ ᠤᠨ ᠭᠤᠣᠯᠳᠠᠯᠭ᠎ᠠ ᠰᠦ ᠶᠢ ᠤᠷᠤᠯᠠᠭᠤᠯᠬᠤ ᠦᠢᠯᠡᠳᠬᠦᠨ ᠢᠶᠠᠷ ᠲᠡᠵᠢᠭᠡᠬᠦ ᠠᠷᠭ᠎ᠠ ᠪᠠ | ᠡᠳᠦᠷ ᠤᠨ ᠪᠣᠷᠳᠤᠭ᠎ᠠ ᠶᠢ ᠨᠠᠶᠢᠷᠠᠭᠤᠯᠬᠤ ᠮᠡᠷᠭᠡᠵᠢᠯ᠃ ᠬᠤᠷᠠᠭ᠎ᠠ ᠲᠦᠯᠯᠡᠭᠰᠡᠨ ᠤ ᠳᠠᠷᠠᠭᠠᠬᠢ 1~7 ᠡᠳᠦᠷ ᠤᠨ | ᠬᠤᠭᠤᠴᠠᠭᠠᠨ ᠳᠤ ᠡᠬᠡ ᠪᠠᠨ ᠬᠦᠬᠦᠵᠦ᠂ 7~14 ᠡᠳᠦᠷ ᠤᠨ ᠬᠤᠭᠤᠴᠠᠭᠠᠨ ᠳᠤ ᠡᠬᠡ ᠶᠢᠨ ᠰᠦ ᠪᠠ ᠰᠦ ᠶᠢ | ᠤᠷᠤᠯᠠᠭᠤᠯᠬᠤ ᠦᠢᠯᠡᠳᠬᠦᠨ ᠢᠶᠠᠷ ᠲᠡᠵᠢᠭᠡᠬᠦ ᠰᠢᠯᠵᠢᠯᠲᠡ ᠶᠢᠨ ᠬᠤᠭᠤᠴᠠᠭ᠎ᠠ ᠶᠢ ᠦᠩᠭᠡᠷᠡᠭᠡᠨ᠂ 15 ᠡᠳᠦᠷ ᠤᠨ | ᠬᠤᠭᠤᠴᠠᠭᠠᠨ ᠳᠤ ᠡᠬᠡ ᠶᠢᠨ ᠰᠦ ᠠᠴᠠ ᠨᠢ ᠰᠠᠯᠭᠠᠵᠤ ᠰᠦ ᠶᠢ ᠤᠷᠤᠯᠠᠭᠤᠯᠬᠤ ᠦᠢᠯᠡᠳᠬᠦᠨ ᠢᠶᠠᠷ ᠲᠡᠵᠢᠭᠡᠵᠦ᠂ | 20 ᠡᠳᠦᠷ ᠤᠨ ᠬᠤᠭᠤᠴᠠᠭᠠᠨ ᠳᠤ ᠬᠤᠷᠠᠭᠠᠨ ᠤ ᠵᠠᠳᠠᠭᠠᠢ ᠪᠤᠷᠳᠤᠭ᠎ᠠ ᠶᠢ ᠳᠤᠷ᠎ᠠ ᠪᠠᠷ ᠨᠢ ᠢᠳᠡᠭᠦᠯᠦᠨ᠎ᠡ᠃ ᠪᠣᠳᠠᠲᠠᠢ | ᠠᠷᠭ᠎ᠠ ᠨᠢ ᠳᠣᠣᠷᠠᠬᠢ ᠮᠡᠲᠦ᠄ ᠰᠦ ᠶᠢ ᠤᠷᠤᠯᠠᠭᠤᠯᠬᠤ ᠲᠠᠯᠬ᠎ᠠ ᠪᠠᠷ ᠲᠡᠵᠢᠭᠡᠬᠦ ᠠᠴᠠ ᠡᠮᠦᠨ᠎ᠡ ᠪᠤᠴᠠᠯᠤᠭᠰᠠᠨ ᠤ | ᠳᠠᠷᠠᠭ᠎ᠠ ᠬᠥᠷᠥᠭᠡᠭᠡᠳ 50℃ ᠪᠣᠯᠬᠤ ᠬᠠᠯᠠᠭᠤᠨ ᠤᠰᠤ ᠪᠠᠷ ᠰᠦᠨ ᠲᠠᠯᠬ᠎ᠠ᠄ ᠤᠰᠤ =1᠄ ︵5 ~ 7︶ | ᠬᠠᠷᠢᠴᠠᠯ ᠢᠶᠠᠷ ᠳᠡᠪᠲᠦᠭᠡᠵᠦ᠂ ᠳᠠᠬᠢᠨ ᠬᠥᠷᠥᠭᠡᠭᠡᠳ 40℃ ᠤᠷᠴᠢᠮ ᠪᠤᠯᠭᠠᠭᠠᠳ ᠲᠡᠵᠢᠭᠡᠨ᠎ᠡ᠃ ᠲᠡᠵᠢᠭᠡᠭᠰᠡᠨ ᠤ | ᠳᠠᠷᠠᠭ᠎ᠠ ᠴᠡᠪᠡᠷ ᠠᠯᠴᠢᠭᠤᠷ ᠢᠶᠠᠷ ᠬᠤᠷᠠᠭᠠᠨ ᠤ ᠵᠠᠪᠠᠵᠢ ᠳᠤ ᠨᠠᠭᠠᠯᠳᠤᠭᠰᠠᠨ ᠰᠦᠨ ᠰᠢᠩᠭᠡᠨ ᠢ ᠵᠦᠯᠭᠦᠵᠦ | ᠴᠡᠪᠡᠷᠯᠡᠨ᠎ᠡ᠃ ᠬᠤᠷᠠᠭᠠᠨ ᠤ ᠥᠰᠦᠯᠲᠡ ᠪᠤᠶᠢᠵᠢᠯᠲᠠ ᠶᠢᠨ ᠪᠠᠶᠢᠳᠠᠯ ᠢ ᠦᠨᠳᠦᠰᠦᠯᠡᠨ 60 ~ 90 ᠡᠳᠦᠷ ᠤᠨ | ᠬᠤᠭᠤᠴᠠᠭᠠᠨ ᠳᠤ ᠰᠦ ᠶᠢ ᠤᠷᠤᠯᠠᠭᠤᠯᠬᠤ ᠦᠢᠯᠡᠳᠬᠦᠨ ᠪᠤᠶᠤ ᠰᠢᠩᠭᠡᠨ ᠪᠡᠶᠡᠲᠦ ᠲᠡᠵᠢᠭᠡᠯ ᠢ ᠵᠣᠭᠰᠣᠭᠠᠵᠤ᠂ ︽ | ᠪᠡᠯᠴᠢᠭᠡᠷᠯᠡᠭᠦᠯᠬᠦ + ᠲᠡᠵᠢᠭᠡᠯ ᠨᠥᠬᠦᠪᠦᠷᠢᠯᠡᠬᠦ︾ ᠲᠠᠷᠭᠤᠯᠠᠭᠤᠯᠬᠤ ᠬᠤᠭᠤᠴᠠᠭᠠᠨ ᠳᠤ ᠣᠷᠣᠭᠤᠯᠤᠨ᠎ᠠ᠂ ᠬᠤᠷᠠᠭᠠᠨ ᠤ | ᠥᠰᠦᠯᠲᠡ ᠪᠤᠶᠢᠵᠢᠯᠲᠠ ᠪᠣᠯᠣᠨ ᠪᠡᠶ᠎ᠡ ᠶᠢᠨ ᠬᠦᠨᠳᠦ ᠶᠢᠨ ᠬᠤᠪᠢᠷᠠᠯᠲᠠ ᠶᠢ ᠦᠨᠳᠦᠰᠦᠯᠡᠨ ᠲᠡᠵᠢᠭᠡᠯ ᠪᠤᠷᠳᠤᠭ᠎ᠠ | ᠨᠦᠬᠦᠪᠦᠷᠢᠯᠡᠬᠦ ᠬᠡᠮᠵᠢᠶ᠎ᠡ ᠪᠠᠨ ᠢᠳᠡᠭ ᠢᠳᠡᠭ ᠢᠶᠠᠷ ᠨᠡᠮᠡᠭᠳᠡᠭᠦᠯᠵᠦ᠂ 6 ᠰᠠᠷ᠎ᠠ ᠪᠤᠯᠤᠭᠰᠠᠨ ᠤ ᠳᠠᠷᠠᠭ᠎ᠠ | ᠵᠠᠷᠤᠴᠠᠭᠤᠯᠤᠯᠳᠠ ᠳᠤ ᠤᠷᠤᠭᠤᠯᠤᠨ᠎ᠠ᠃ ᠬᠤᠷᠠᠭᠠᠨ ᠤ ᠵᠠᠳᠠᠭᠠᠢ ᠪᠤᠷᠳᠤᠭᠠᠨ ᠤ ᠢᠳᠡᠰᠢᠨ ᠤ ᠨᠠᠶᠢᠷᠠᠯᠭ᠎ᠠ ᠨᠢ ᠡᠷᠳᠡᠨᠢ | ᠰᠢᠰᠢ 70%᠂ ᠰᠢᠬᠠᠳᠠᠰᠤ ᠶᠢᠨ ᠲᠦᠷᠦᠯ 20%᠂ ᠬᠡᠪᠡᠭ 5%᠂ ᠬᠤᠯᠢᠮᠠᠭ ᠰᠢᠭᠠᠷᠤ 3.5%᠂ ᠳᠠᠪᠤᠰᠤ 0. | 5%᠂ ᠸᠢᠲ᠋ᠠᠮᠢᠨ ᠪᠣᠯᠣᠨ ᠪᠢᠴᠢᠯ ᠡᠯᠧᠮᠧᠨ᠋ᠲ ᠤᠨ ᠬᠤᠯᠢᠮᠠᠭ ᠲᠡᠵᠢᠭᠡᠯ ᠪᠣᠷᠳᠤᠭ᠎ᠠ 1%᠃ ᠬᠤᠨᠤᠭ ᠤᠨ | ᠲᠡᠵᠢᠭᠡᠯ ᠤᠨ ᠨᠠᠶᠢᠷᠠᠯᠭ᠎ᠠ ᠶᠢ ᠬᠤᠷᠠᠭᠠᠨ ᠤ ᠪᠡᠶ᠎ᠡ ᠶᠢᠨ ᠪᠠᠶᠢᠳᠠᠯ ᠢ ᠦᠨᠳᠦᠰᠦᠯᠡᠨ ᠲᠣᠬᠢᠷᠠᠭᠤᠯᠵᠤ᠂ ᠲᠦᠷᠭᠡᠨ | ᠦᠰᠦᠯᠳᠡ ᠪᠠ ᠪᠤᠶᠢᠵᠢᠯᠳᠠ ᠶᠢᠨ ᠱᠠᠭᠠᠷᠳᠠᠯᠭ᠎ᠠ ᠶᠢ ᠬᠠᠩᠭᠠᠨ᠎ᠠ᠃ | |