ᠵᠠᠯᠠᠶᠢᠳ ᠤᠨ ᠠᠭᠤᠯᠠ ᠤᠰᠤ —  ᠬᠠᠳᠠᠬᠢᠨ ᠭᠤᠤᠯ ︵ᠲᠤᠤᠷᠠᠳᠣ︶
ᠨᠡᠶᠢᠲᠡᠯᠡᠭᠰᠡᠨ ᠴᠠᠭ᠄
2023/4/13
                      ᠬᠠᠳᠠᠬᠢᠨ ᠭᠤᠤᠯ ᠶᠡᠭᠡ ᠬᠢᠩᠭᠠᠨ ᠳᠠᠪᠠᠭᠠᠨ ᠤ ᠵᠡᠭᠦᠨ ᠬᠦᠳᠡᠯ᠂ ᠵᠠᠯᠠᠨ ᠠᠶᠢᠯ ᠬᠤᠳᠠ ᠶᠢᠨ ᠾᠥᠸᠧ ᠯᠦᠩ ᠱᠠᠨ ᠠᠭᠤᠯᠠᠨ ᠤᠷᠭᠢᠯ ᠠᠴᠠ ᠡᠬᠢ ᠠᠪᠴᠠᠢ᠃ ᠵᠠᠯᠠᠶᠢᠳ ᠬᠤᠰᠢᠭᠤᠨ ᠤ ᠰᠢᠨ ᠯᠢᠨ ᠪᠠᠯᠭᠠᠰᠣᠨ ᠤ ᠬᠤ᠋ ᠯᠢᠨ ᠭᠠᠴᠠᠭ᠎ᠠ ᠪᠠᠷ ᠨᠠᠭᠠᠰᠢ ᠤᠷᠣᠰᠣᠨ ᠤᠷᠤᠵᠤ᠂ ᠪᠠᠷᠠᠭᠤᠨ ᠬᠤᠶᠢᠨ᠎ᠠ ᠠᠴᠠ ᠵᠡᠭᠦᠨ ᠡᠮᠤᠨᠡᠰᠢ ᠴᠢᠭᠯᠡᠯ ᠢᠶᠠᠷ ᠵᠠᠯᠠᠶᠢᠳ ᠬᠤᠰᠢᠭᠤᠨ ᠤ ᠬᠢᠵᠠᠭᠠᠷ ᠢᠶᠠᠷ ᠤᠷᠤᠰᠣᠨ ᠦᠩᠭᠡᠷᠡᠵᠤ ᠬᠠᠷᠠᠮᠦ᠋ᠷᠡᠨ ᠮᠤᠵᠢ ᠶᠢᠨ ᠯᠦᠩ ᠵᠢᠶᠠᠩ ᠰᠢᠶᠠᠨ ᠤ ᠵᠢᠩ ᠰᠢᠩ ᠪᠠᠯᠭᠠᠰᠣᠨ ᠤ ᠠᠷᠣ ᠪᠠᠷ ᠶᠠᠯᠤ ᠮᠦᠷᠡᠨ ᠳᠤ ᠴᠢᠳᠬᠤᠵᠤ ᠪᠤᠢ᠃ ᠬᠠᠳᠠᠬᠢᠨ ᠭᠤᠤᠯ ᠤᠨ ᠵᠠᠯᠠᠶᠢᠳ ᠬᠤᠰᠢᠭᠤ ᠶᠢ ᠲᠠᠭᠠᠷᠢᠵᠤ ᠪᠠᠶᠢᠭ᠎ᠠ ᠪᠦᠬᠦ ᠤᠷᠳᠤ ᠨᠢ 93.2 ᠺᠢᠯᠤᠮᠧᠲᠷ᠂ ᠲᠡᠭᠦᠨ ᠤ ᠪᠦᠬᠦ ᠤᠷᠳᠤ ᠨᠢ 153 ᠺᠢᠯᠤᠮᠧᠲᠷ᠂ ᠤᠷᠤᠰᠬᠠᠯ ᠤᠨ ᠲᠠᠯᠠᠪᠠᠢ ᠨᠢ 1937.96 ᠲᠦᠷᠪᠡᠯᠵᠢᠨ ᠺᠢᠯᠤᠮᠧᠲᠷ  ᠃            ᠬᠤᠷᠸ᠎ᠠ ᠶᠢ ᠲᠤᠭᠤᠯᠤᠨ᠂ ᠬᠤᠯᠠ ᠶᠢ ᠠᠶᠠᠯᠠᠭᠰᠠᠨ ᠲᠠᠩᠬᠢᠯᠭᠠᠨ ᠬᠠᠳᠠᠬᠢᠨ ᠭᠤᠤᠯ ᠮᠠᠨᠢ ᠲᠤᠩᠭᠠᠯᠠᠭ ᠷᠠᠰᠢᠶᠠᠨ ᠢᠶᠠᠷ ᠢᠶᠠᠨ ᠵᠠᠯᠠᠶᠢᠳ ᠨᠤᠳᠤᠭ ᠤᠨ ᠰᠢᠮᠡᠳᠣ ᠬᠦᠷᠦᠰᠣ ᠶᠢ ᠤᠮᠳᠠᠯᠠᠭᠰᠠᠭᠠᠷ ᠪᠠᠶᠢᠭ᠎ᠠ ᠶᠤᠮ᠃                                ︵ᠲᠡᠭᠦᠰᠪᠡ︶
 
ᠢᠷᠡᠯᠲᠡ᠄ ︽ᠵᠠᠯᠠᠶᠢᠷ ᠰᠤᠶᠤᠯ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号