ᠵᠠᠯᠠᠶᠢᠳ ᠤᠨ ᠠᠭᠤᠯᠠ ᠤᠰᠤ —  ᠬᠠᠳᠠᠬᠢᠨ ᠭᠤᠤᠯ  ︵ᠲᠡᠭᠡᠳᠤ︶
ᠨᠡᠶᠢᠲᠡᠯᠡᠭᠰᠡᠨ ᠴᠠᠭ᠄
2023/4/13
     ᠬᠢᠩᠭᠠᠨ ᠲᠠᠪᠠᠭᠠᠨ ᠠᠴᠠ ᠲᠡᠯᠡᠮᠡᠭᠦᠯᠵᠤ ᠢᠷᠡᠭᠰᠡᠨ᠂ ᠮᠦᠩᠭᠦᠨ ᠤᠳᠠᠰᠣ ᠰᠢᠭ᠋ ᠰᠦᠯᠵᠢᠯᠳᠦᠭᠰᠡᠨ ᠬᠠᠳᠠᠬᠢᠨ ᠭᠤᠤᠯ ᠵᠠᠯᠠᠶᠢᠳ ᠬᠤᠰᠢᠭᠤᠨ ᠤ ᠬᠤᠶᠢᠳᠤ ᠭᠡᠰᠡᠭ ᠲᠤ ᠵᠡᠭᠦᠨ ᠤᠷᠳᠤᠷᠢᠭ ᠤᠨ 121゜50´ ~ 123゜26´  ᠤᠮᠠᠷᠠᠳᠣ ᠦᠷᠭᠡᠷᠢᠭ ᠤᠨ 47゜19´ ~ 46゜59 ´   ᠶᠢᠨ ᠬᠤᠭᠤᠷᠤᠨᠳᠣ ᠤᠷᠤᠰᠢᠵᠤ ᠪᠤᠢ᠃      ᠬᠠᠳᠠᠬᠢᠨ ᠭᠤᠤᠯ ᠤᠨ ᠨᠡᠷ᠎ᠡ ᠶᠢᠨ ᠢᠷᠡᠯᠳᠡ ︽ᠴᠢᠩ ᠤᠯᠤᠰ ᠤᠨ ᠲᠠᠪᠤᠨ ᠲᠢᠭᠳᠦ ᠪᠢᠴᠢᠭ︾ ᠠᠴᠠ ᠢᠷᠡᠯ  ᠲᠠᠢ᠃ ᠮᠤᠩᠭᠤᠯ ᠦᠭᠡᠨ ᠳᠤ ᠬᠢ ︽xandagai︾  ᠭᠡᠬᠦ  ᠦᠭᠡ ᠨᠢ  ᠮᠠᠨᠵᠤ ᠦᠭᠡ ᠶᠢᠨ ︽kandhan︾ ᠭᠡᠬᠦ ᠦᠭᠡ ᠶᠢ ᠵᠢᠭᠠᠵᠤ ︽ᠬᠠᠨᠳᠠᠭᠠᠢ ᠪᠤᠭᠤ︾ ᠭᠡᠰᠡᠨ ᠦᠭᠡ ᠮᠦᠨ᠃ ᠮᠠᠨᠵᠤ ᠦᠭᠡ ᠮᠤᠩᠭᠤᠯ ᠦᠭᠡᠨ ᠤ ᠰᠤᠯᠪᠢᠴᠠᠯ ᠲᠤᠮᠳᠠ ᠠᠪᠢᠶᠠᠨ ᠤ ᠤᠨᠳᠣᠣᠰᠢᠯ ᠡᠭᠦᠰᠴᠣ ︽kandhan︾  ᠭᠡᠬᠦ ᠦᠭᠡ  ᠨᠢ ︽handaxan︾ ᠪᠤᠯᠵᠤ ᠬᠤᠪᠢᠷᠠᠵᠠᠢ᠃ ᠰᠤᠳᠣᠯᠣᠯ ᠢ ᠦᠨᠳᠣᠰᠣᠯᠡᠪᠡᠯ ︽ᠬᠠᠳᠠᠬᠢᠨ︾ ᠭᠡᠬᠦ ᠦᠭᠡ ᠨᠢ ᠲᠠᠷᠤᠢ ᠮᠠᠨᠵᠤ ᠦᠭᠡ᠂ ︽ᠬᠠᠨᠳᠠᠭᠠᠢ ᠪᠤᠭᠤ︾ ᠭᠡᠬᠦ ᠣᠳᠬ᠎ᠠ ᠲᠠᠢ᠃ ᠬᠠᠳᠠᠬᠢᠨ ᠭᠤᠤᠯ ᠨᠢ ︽ᠬᠠᠨᠳᠠᠭᠠᠢ ᠶᠢᠨ ᠭᠤᠤᠯ︾ ᠭᠡᠰᠡᠨ ᠦᠭᠡ᠃                             ︵ᠦᠷᠬᠦᠯᠵᠢᠯᠡᠯ ᠪᠤᠢ︶
 
ᠢᠷᠡᠯᠲᠡ᠄ ︽ᠵᠠᠯᠠᠶᠢᠷ ᠰᠤᠶᠤᠯ︾ ᠭᠡᠬᠦ ᠨᠤᠮ ᠠᠴᠠ ᠰᠢᠯᠵᠢᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号