ᠢᠨᠳᠡᠷ ᠪᠠᠯᠭᠠᠰᠦ ᠶᠢᠨ ︽ᠰᠤᠶᠤᠯ ᠤᠨ ᠲᠤᠰᠬᠤᠨ ᠤ ᠲᠠᠷᠤᠭ᠎ᠠ︾ ᠤᠯᠠᠨ ᠲᠦᠮᠡᠨ ᠤ ᠰᠤᠶᠤᠯ ᠤᠨ ᠠᠮᠢᠳᠦᠷᠠᠯ ᠢ ᠪᠠᠶᠠᠯᠢᠬᠵᠢᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2023/12/1
    ᠵᠠᠯᠠᠶᠢᠳ ᠬᠤᠰᠢᠭᠤᠨ ᠤ ᠢᠨᠳᠡᠷ ᠪᠠᠯᠭᠠᠰᠦ ᠶᠢᠨ ︽ᠰᠤᠶᠤᠯ ᠤᠨ ᠲᠤᠰᠬᠤᠨ ᠤ ᠲᠠᠷᠤᠭ᠎ᠠ︾ ᠰᠤᠶᠤᠯ ᠤᠷᠠᠯᠢᠭ ᠢᠶᠠᠷ ᠬᠦᠳᠡᠭᠡ ᠲᠤᠰᠬᠤᠨ ᠤ ᠬᠦᠭᠵᠢᠯᠳᠡ ᠳᠤ ᠬᠦᠴᠦᠨ ᠨᠡᠮᠡᠷᠢᠯᠡᠬᠦ ᠦᠢᠯᠡᠳᠦᠯ ᠢᠶᠠᠨ ᠪᠦᠷᠢᠮᠦᠰᠦᠨ ᠪᠠᠳᠠᠷᠠᠭᠤᠯᠵᠦ᠂ ︽ᠰᠤᠶᠤᠯ ᠤᠨ ᠲᠤᠰᠬᠤᠨ ᠤ ᠲᠠᠷᠤᠭ᠎ᠠ︾ ᠤᠯᠠᠨ ᠲᠦᠮᠡᠨ ᠤ ᠬᠦᠰᠡᠯ ᠡᠷᠡᠮᠡᠯᠵᠡᠯ ᠢ ᠤᠶᠢᠯᠠᠭᠠᠨ᠂ ᠰᠤᠶᠤᠯ ᠤᠷᠠᠯᠢᠭ ᠤᠨ ᠦᠢᠯᠡᠴᠢᠯᠡᠭᠡ ᠬᠠᠨᠭ᠍ᠭᠠᠵᠦ ᠦᠨᠳᠦᠰᠦᠨ ᠱᠠᠳᠦᠨ ᠤ ᠨᠡᠶᠢᠳᠡ ᠶᠢᠨ ᠰᠤᠶᠤᠯ ᠤᠨ ᠠᠵᠢᠯᠯᠠᠭ᠎ᠠ ᠶᠢ ᠦᠷᠨᠢᠬᠦᠯᠵᠦ᠂ ᠬᠦᠳᠡᠭᠡ ᠲᠤᠰᠬᠤᠨ ᠤ ᠬᠦᠭᠵᠢᠯᠳᠡ ᠳᠤ ᠬᠦᠴᠦᠨ ᠨᠡᠮᠡᠷᠢᠯᠡᠵᠦ ᠪᠠᠶᠢᠨ᠎ᠠ᠃    ᠦᠢᠷ᠎ᠠ ᠶᠢᠨ ᠡᠳᠤᠷ᠂ ᠢᠨᠳᠡᠷ ᠪᠠᠯᠭᠠᠰᠦ ᠶᠢᠨ ᠴᠠᠩ ᠹᠠ ᠲᠤᠰᠬᠤᠨ ᠤ ᠬᠦᠳᠡᠯᠬᠡᠬᠡᠨ ᠤ ᠦᠷᠦᠬᠡᠨ ᠳᠤ᠂ ︽ᠰᠤᠶᠤᠯ ᠤᠨ ᠲᠤᠰᠬᠤᠨ ᠤ ᠲᠠᠷᠤᠭ᠎ᠠ︾ ᠬᠠᠨ ᠯᠢ ᠮᠢᠩ ᠲᠤᠰᠬᠤᠨ ᠤ ᠠᠷᠠᠳ ᠲᠤ ᠶᠠᠩᠭᠠᠷ ᠪᠦᠵᠢᠭ ᠵᠢᠭᠠᠵᠦ ᠦᠭᠴᠦ ᠪᠠᠶᠢᠯ᠎ᠠ᠃ ᠬᠠᠨ ᠯᠢ ᠮᠢᠩ 2023 ᠤᠨ ᠤ 3 ᠰᠠᠷ᠎ᠠ ᠳᠤ ᠴᠠᠩ ᠹᠠ ᠲᠤᠰᠬᠤᠨ ᠤ ︽ᠰᠤᠶᠤᠯ ᠤᠨ ᠲᠤᠰᠬᠤᠨ ᠤ ᠲᠠᠷᠤᠭ᠎ᠠ︾ ᠪᠠᠷ ᠲᠤᠮᠢᠯᠠᠬᠳᠠᠬᠰᠠᠨ ᠠᠴᠠ ᠨᠠᠭᠠᠰᠢ᠂ ᠦᠷᠬᠦᠯᠵᠢ ᠡᠷᠦᠬᠡ ᠪᠠᠷ ᠬᠦᠨᠵᠡᠬᠡᠶᠢᠷᠡᠨ ᠠᠷᠠᠳ ᠤᠨ ᠤᠷᠠᠯᠢᠬᠴᠢᠨ ᠢ ᠡᠷᠢᠵᠦ᠂ ᠴᠠᠩ ᠹᠠ ᠲᠤᠰᠬᠤᠨ ᠤ ᠰᠤᠶᠤᠯ ᠤᠷᠠᠯᠢᠭ ᠲᠤ ᠪᠠᠭ᠋ᠠᠳᠠᠢ ᠬᠦᠮᠦᠰ ᠢ ᠲᠠᠶᠢᠴᠢᠯᠠᠨ ᠲᠡᠳᠡᠨ ᠤ ᠠᠪᠢᠶᠠᠰ ᠴᠢᠳᠠᠪᠦᠷᠢ ᠶᠢ ᠨᠢ ᠪᠠᠳᠠᠷᠠᠭᠤᠯᠵᠦ᠂ ᠲᠤᠮᠤ ᠪᠠᠭ᠎ᠠ ᠤᠷᠠᠯᠢᠭ ᠤᠨ ᠠᠵᠢᠯᠯᠠᠭ᠎ᠠ ᠳᠤ ᠪᠦᠷ ᠲᠡᠳᠡᠨ ᠤ ᠲᠤᠬᠯᠠᠯᠳᠠ ᠶᠢ ᠤᠯᠵᠦ ᠬᠠᠷᠠᠳᠠᠭ ᠪᠠᠶᠢᠯ᠎ᠠ᠃     ᠤᠯᠠᠭᠠᠨᠮᠦ᠋ᠴᠢᠷ ᠤᠨ ᠨᠠᠮ ᠤᠨ ᠡᠬᠦᠷ ᠤᠨ ᠲᠡᠳ᠋ ᠱᠦᠵᠢ᠂ ᠢᠨᠳᠡᠷ ᠪᠠᠯᠭᠠᠰᠦ ᠶᠢᠨ ᠴᠠᠩ ᠹᠠ ᠲᠤᠰᠬᠤᠨ ᠤ ︽ᠰᠤᠶᠤᠯ ᠤᠨ ᠲᠤᠰᠬᠤᠨ ᠤ ᠲᠠᠷᠤᠭ᠎ᠠ︾ ᠶᠤᠤ ᠯᠢ ᠰᠢᠨ᠄ ︽ᠡᠯ᠎ᠡ ᠲᠠᠯ᠎ᠠ ᠶᠢᠨ ᠴᠢᠷᠮᠠᠶᠢᠯᠭ᠎ᠠ ᠪᠠᠷ ᠲᠠᠮᠵᠢᠨ᠂ ᠡᠨᠡ ᠵᠢᠯ ᠴᠠᠩ ᠹᠠ ᠰᠤᠶᠤᠯ ᠤᠨ ᠠᠵᠢᠯ ᠢᠯᠡᠷᠬᠡᠢ ᠦᠷ᠎ᠡ ᠪᠦᠳᠦᠮᠵᠢ ᠤᠯᠵᠦ᠂ ᠡᠮᠦᠨ᠎ᠡ ᠬᠡᠳᠦᠨ ᠡᠳᠦᠷ ᠶᠠᠪᠤᠬᠳᠠᠬᠰᠠᠨ ᠰᠤᠶᠤᠯ ᠤᠨ ᠲᠤᠰᠬᠤᠨ ᠤ ᠤᠷᠤᠯᠳᠤᠭᠠᠨ ᠳᠤ ᠮᠠᠨ ᠤ ᠲᠤᠰᠬᠤᠨ ᠬᠤᠶᠠᠳᠤᠭᠠᠷ ᠲᠡᠰ ᠤᠨ ᠱᠠᠩᠨᠠᠯ ᠲᠤᠰᠴᠠᠢ︾ ᠬᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃    ︽ᠰᠤᠶᠤᠯ ᠤᠨ ᠲᠤᠰᠬᠤᠨ ᠤ ᠲᠠᠷᠤᠭ᠎ᠠ︾ ᠪᠠᠰᠠ ︽ᠰᠤᠶᠤᠯ ᠢ ᠬᠦᠷᠬᠡᠬᠦ︾ ᠠᠴᠠ ᠭᠠᠳᠠᠨ᠎ᠠ ᠪᠠᠰᠠ ᠵᠦᠷᠢᠴᠡᠯ ᠵᠢᠭᠤᠷᠠᠯᠳᠤᠭᠠᠨ ᠢ ᠪᠠᠶᠢᠴᠠᠭᠠᠨ ᠨᠠᠮᠳᠠᠭᠠᠬᠤ᠂ ᠠᠵᠦ ᠦᠢᠯᠡᠰ ᠤᠨ ᠬᠦᠭᠵᠢᠯᠳᠡ᠂ ᠦᠨᠳᠦᠰᠦᠨ ᠱᠠᠳᠦ ᠶᠢ ᠴᠡᠭᠴᠡᠯᠡᠨ ᠵᠠᠰᠠᠬᠤ ᠵᠡᠷᠭᠡ ᠲᠠᠯ᠎ᠠ ᠪᠠᠷ ᠦᠢᠯᠡᠳᠦᠯ ᠢᠶᠠᠨ ᠪᠠᠳᠠᠷᠠᠭᠤᠯᠵᠦ ᠪᠠᠶᠢᠨ᠎ᠠ᠃ ᠰᠤᠶᠤᠯ ᠤᠨ ᠲᠤᠰᠬᠤᠨ ᠤ ᠲᠠᠷᠤᠭ᠎ᠠ ᠲᠤᠰᠬᠤᠨ ᠤ ᠠᠷᠠᠳ ᠢ ᠴᠤᠬᠯᠠᠭᠤᠯᠤᠨ ᠢᠷᠡᠬᠦ ᠵᠢᠯ ᠤᠨ ᠲᠠᠷᠢᠶᠠᠯᠠᠩ ᠤᠨ ᠦᠢᠯᠡᠳᠪᠦᠷᠢᠯᠡᠯ ᠤᠨ ᠲᠤᠬᠠᠢ ᠶᠠᠷᠢᠯᠴᠠᠵᠦ᠂ ᠨᠠᠮ ᠤᠨ ᠴᠢᠭᠯᠡᠯᠳᠡ ᠲᠦᠷᠦ ᠶᠢᠨ ᠪᠤᠳᠤᠯᠭ᠎ᠠ ᠴᠢᠭᠯᠡᠯᠳᠡ ᠶᠢ ᠤᠬᠠᠭᠤᠯᠤᠨ᠂ ᠰᠤᠶᠤᠯ ᠤᠨ ᠬᠦᠭᠵᠢᠯᠳᠡ ᠳᠤ ᠦᠨᠡᠨ ᠬᠦ ᠬᠦᠴᠦᠨ ᠨᠡᠮᠡᠷᠢᠯᠡᠵᠦ ᠪᠠᠶᠢᠨ᠎ᠠ᠃
              ︵ᠯᠢ ᠬᠤᠩ ᠶᠤᠸᠠᠨ              ᠸᠠᠩ ᠰᠤᠷᠢᠶ᠎ᠠ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号