ᠲᠤᠰᠤᠨ ᠵᠠᠰᠠᠯ ᠤᠨ ᠲᠤᠬᠠᠢ
ᠨᠡᠶᠢᠲᠡᠯᠡᠭᠰᠡᠨ ᠴᠠᠭ᠄
2023/11/16
    ᠰᠢᠷ᠎ᠠ ᠲᠣᠰᠣ᠂ ᠦᠷ᠎ᠡ ᠶᠢᠨ ᠲᠣᠰᠣ᠂ ᠥᠭᠡᠬᠦᠨ ᠲᠣᠰᠣ᠂ ᠴᠢᠮᠦᠭᠡᠨ ᠲᠣᠰᠣ ᠵᠡᠷᠭᠡ ᠲᠥᠷᠪᠡᠨ ᠵᠦᠢᠯ ᠤᠨ ᠲᠣᠰᠣ ᠶᠢ ᠲᠤᠰᠤᠨ ᠵᠠᠰᠠᠯ ᠳᠤ ᠬᠡᠷᠡᠭᠯᠡᠳᠡᠭ᠃ ᠲᠤᠰᠤᠨ ᠵᠠᠰᠠᠯ ᠳᠤ ᠪᠠᠰᠠ ᠪᠤᠴᠠᠯᠤᠭᠰᠠᠨ ᠤᠰᠤ ᠤᠤᠭᠤᠯᠭᠠᠪᠠᠯ ᠰᠢᠩᠭᠡᠭᠦᠯᠬᠦ ᠶᠢᠨ ᠰᠢᠮ᠎ᠡ ᠪᠤᠯᠬᠤ ᠲᠤᠯᠠ ᠤᠷᠢᠳᠴᠢᠯᠠᠨ ᠪᠡᠯᠡᠳᠬᠡᠬᠦ ᠬᠡᠷᠡᠭᠲᠡᠢ᠃ ᠴᠠᠭ ᠤᠨ ᠲᠠᠯ᠎ᠠ ᠪᠠᠷ ᠡᠪᠦᠯ ᠤᠨ ᠤᠯᠠᠷᠢᠯ ᠳᠤ ᠭᠠᠯ ᠤᠨ ᠢᠯᠴᠢ ᠪᠠᠳᠠᠷᠠᠩᠭᠤᠢ ᠪᠣᠯᠬᠤᠷ ᠰᠢᠷ᠎ᠠ ᠲᠣᠰᠣ ᠥᠭᠪᠡᠯ ᠰᠠᠶᠢᠨ᠂ ᠵᠤᠨ ᠤ ᠤᠯᠠᠷᠢᠯ ᠳᠤ ᠭᠠᠯ ᠤᠨ ᠢᠯᠴᠢ ᠪᠠᠭᠤᠷᠠᠢ ᠪᠣᠯᠬᠤᠷ ᠦᠷ᠎ᠡ ᠶᠢᠨ ᠲᠣᠰᠣ ᠰᠠᠶᠢᠨ᠂ ᠬᠠᠪᠤᠷ ᠤᠨ ᠤᠯᠠᠷᠢᠯ ᠳᠤ ᠡᠳᠦᠷ ᠤᠷᠳᠤ ᠪᠣᠯᠬᠤᠷ ᠴᠢᠮᠦᠭᠡᠨ ᠲᠣᠰᠣ᠂ ᠥᠭᠡᠬᠦᠨ ᠲᠣᠰᠣ ᠰᠠᠶᠢᠨ ᠪᠠᠶᠢᠳᠠᠭ᠃ ᠡᠭᠦᠨ ᠳᠤ ᠡᠮᠴᠢ ᠶᠢᠨ ᠵᠠᠬᠢᠶ᠎ᠠ ᠶᠢ ᠦᠨᠳᠦᠰᠦᠯᠡᠵᠦ᠂ ᠲᠤᠰᠤᠨ ᠤ ᠲᠥᠷᠤᠯ ᠵᠦᠢᠯ ᠪᠠ ᠲᠥᠷᠬᠢᠬᠦ᠂ ᠤᠤᠭᠤᠯᠭᠠᠬᠤ᠂ ᠳᠤᠰᠤᠯᠭᠠᠬᠤ᠂ ᠵᠢᠩ ᠲᠠᠯᠪᠢᠬᠤ᠂ ᠵᠥᠭᠡᠯᠡᠨ ᠰᠢᠮᠡᠵᠢᠬᠦᠯᠬᠡ ᠪᠣᠯᠭᠠᠨ ᠬᠡᠷᠡᠭᠯᠡᠬᠦ ᠵᠡᠷᠭᠡ ᠶᠢᠨ ᠠᠯᠢ ᠨᠢ ᠪᠤᠯᠬᠤ ᠶᠢ ᠰᠣᠩᠭᠤᠨ ᠪᠡᠯᠡᠳᠬᠡᠨ᠎ᠡ᠃ ᠦᠷᠭᠦᠯᠵᠢᠳᠡ ᠰᠢᠮ᠎ᠡ ᠲᠡᠵᠢᠭᠡᠯ ᠲᠠᠢ ᠵᠦᠢᠯ ᠢ ᠢᠳᠡᠭᠰᠡᠳ ᠪᠤᠶᠤ ᠲᠤᠰᠤᠨ ᠳᠤ ᠳᠠᠳᠤᠭᠰᠠᠳ ᠲᠤ ᠤᠷᠢᠳ ᠢᠶᠠᠷ ᠰᠠᠭᠠᠭ ᠤᠨ ᠭᠤᠯᠢᠷ ᠮᠡᠲᠦ ᠶᠢᠨ ᠬᠥᠩᠭᠡᠨ ᠵᠦᠢᠯ ᠤᠨ ᠢᠳᠡᠭᠡᠨ ᠢ ᠢᠳᠡᠭᠦᠯᠬᠦ ᠪᠤᠶᠤ ᠰᠢᠷᠦᠭᠦᠨ ᠵᠠᠰᠠᠯ ᠬᠢᠭᠰᠡᠨ ᠤ ᠲᠠᠷᠠᠭ᠎ᠠ ᠰᠠᠶ᠋ᠢ ᠲᠤᠰᠤᠨ ᠵᠠᠰᠠᠯ ᠬᠢᠬᠦ ᠪᠠᠷ ᠪᠡᠯᠡᠳᠬᠡᠬᠦ ᠬᠡᠷᠡᠭᠲᠡᠢ᠃ ᠰᠢᠮ᠎ᠡ ᠲᠡᠵᠢᠭᠡᠯ ᠳᠤᠲᠠᠭᠳᠠᠭᠰᠠᠳ ᠪᠤᠶᠤ ᠳᠣᠲᠣᠷ ᠨᠢ ᠨᠦᠮᠵᠦᠭ ᠦᠭᠡᠢ ᠪᠣᠯᠤᠭᠰᠠᠨ ᠬᠥᠮᠥᠨ ᠳᠤ ᠲᠤᠰᠤᠨ ᠵᠠᠰᠠᠯ ᠬᠢᠬᠦ ᠳᠡᠭᠡᠨ ᠳᠠᠪᠤᠰᠤ ᠰᠡᠯᠪᠢᠵᠦ ᠥᠭᠬᠦ ᠪᠠᠷ ᠪᠡᠯᠡᠳᠬᠡᠬᠦ ᠬᠡᠷᠡᠭᠲᠡᠢ᠃      ᠡᠮᠴᠢᠯᠡᠭᠡᠨ ᠤ ᠱᠠᠭᠠᠷᠳᠠᠯᠭ᠎ᠠ ᠪᠠᠷ ᠲᠣᠰᠣ ᠥᠭᠬᠦ ᠴᠠᠭ ᠢ ᠲᠣᠬᠢᠷᠠᠭᠤᠯᠬᠤ ᠳᠠᠭᠠᠨ ᠶᠡᠷᠦ ᠳᠡᠭᠡᠨ ᠠᠷᠢᠯᠭᠠᠬᠤ ᠲᠤᠰᠤᠨ ᠵᠠᠰᠠᠯ ᠬᠢᠬᠦ ᠳᠤ ᠦᠷ ᠴᠠᠶᠢᠬᠤ ᠶᠢᠨ ᠦᠶ᠎ᠡ ᠳᠤ ᠢᠳᠡᠭᠡᠨ ᠲᠠᠢ ᠬᠤᠯᠢᠬᠤ ᠦᠭᠡᠢ ᠪᠠᠷ ᠤᠤᠭᠤᠯᠭᠠᠬᠤ ᠪᠥᠭᠡᠳ ᠳᠣᠲᠣᠷ ᠨᠢ ᠲᠣᠰᠣᠯᠢᠭ ᠪᠤᠯᠳᠠᠯ᠎ᠠ ᠥᠭᠬᠦ ᠬᠡᠷᠡᠭᠲᠡᠢ᠃ ᠲᠤᠰᠤᠨ ᠵᠠᠰᠠᠯ ᠢ ᠲᠥᠷᠬᠢᠬᠦ ᠪᠤᠶᠤ ᠳᠤᠰᠤᠯᠭᠠᠬᠤ ᠳᠠᠭᠠᠨ ᠡᠪᠡᠳᠴᠢᠨ ᠪᠣᠯᠣᠨ ᠡᠪᠡᠳᠴᠢᠨ ᠤ ᠬᠢᠨᠢ ᠣᠷᠣᠨ ᠢ ᠦᠨᠳᠦᠰᠦᠯᠡᠵᠦ᠂ ᠠᠮᠢᠳᠤᠯᠢᠭ ᠢᠶᠠᠷ ᠵᠣᠬᠢᠴᠠᠭᠤᠯᠤᠨ᠎ᠠ᠃ ᠲᠤᠬᠠᠶᠢᠯᠠᠪᠠᠯ᠂ ᠠᠷᠠᠰᠤ ᠮᠢᠬᠠᠨ ᠤ ᠡᠪᠡᠳᠴᠢᠨ᠂ ᠲᠣᠯᠣᠭᠠᠢ ᠶᠢᠨ ᠬᠡᠢ ᠡᠪᠡᠳᠴᠢᠨ ᠵᠡᠷᠭᠡ ᠭᠠᠳᠠᠨ᠎ᠠ ᠣᠷᠣᠰᠢᠵᠤ ᠪᠠᠶᠢᠬᠤ ᠡᠪᠡᠳᠴᠢᠨ ᠪᠣᠯ ᠭᠠᠳᠠᠨ᠎ᠠ ᠠᠴᠠ ᠨᠢ ᠲᠣᠰᠣ ᠲᠥᠷᠬᠢᠨ᠎ᠡ᠃ ᠠᠮᠠ᠂ ᠬᠡᠯᠡ᠂ ᠰᠢᠳᠤᠨ ᠤ ᠡᠪᠡᠳᠴᠢᠨ ᠳᠤ ᠪᠦᠯᠢᠶᠡᠰᠬᠡᠵᠦ ᠪᠠᠶᠢᠭᠠᠳ ᠠᠮᠠᠨ ᠳᠤᠨᠢ ᠣᠭᠤᠴᠢ ᠳᠦᠭᠦᠷᠡᠩ ᠪᠠᠶᠢᠯᠭᠠᠨ᠎ᠠ᠃ ᠮᠠᠩᠨᠠᠢ ᠶᠢᠨ ᠬᠡᠰᠡᠭ᠂ ᠨᠢᠳᠦᠨ ᠵᠣᠪᠬᠢ᠂ ᠲᠠᠷᠢᠬᠢᠨ ᠤ ᠡᠪᠡᠳᠴᠢᠨ ᠨᠦᠭᠦᠳ ᠲᠤ ᠲᠣᠰᠣ ᠪᠠᠨ ᠪᠦᠯᠢᠶᠡᠰᠬᠡᠵᠦ ᠪᠠᠶᠢᠭᠠᠳ ᠬᠠᠮᠠᠷ ᠲᠤᠨᠢ ᠳᠤᠰᠤᠯᠭᠠᠨ᠎ᠠ᠃ ᠪᠦᠰᠡᠯᠡᠭᠦᠷ ᠠᠴᠠ ᠳᠣᠷᠣᠭᠰᠢᠬᠢ ᠳᠣᠣᠷ᠎ᠠ ᠪᠡᠶ᠎ᠡ ᠶᠢᠨ ᠡᠪᠡᠳᠴᠢᠨ ᠳᠤ ᠵᠥᠭᠡᠯᠡᠨ ᠰᠢᠮᠡᠵᠢᠬᠦᠯᠬᠡ ᠪᠠᠷ ᠥᠭᠭᠦᠨ᠎ᠡ᠃ ᠴᠡᠭᠡᠵᠢᠨ ᠪᠡᠶ᠎ᠡ ᠶᠢᠨ ᠡᠪᠡᠳᠴᠢᠨ ᠪᠤᠶᠤ ᠳᠣᠣᠷ᠎ᠠ ᠪᠡᠶ᠎ᠡ ᠶᠢᠨ ᠡᠪᠡᠳᠴᠢᠨ ᠳᠤ ᠤᠤᠭᠤᠯᠭᠠᠵᠤ ᠪᠣᠯᠣᠨ᠎ᠠ᠃ ᠵᠠᠰᠠᠯ ᠬᠡᠲᠦᠷᠡᠭᠰᠡᠨ ᠪᠠᠶᠢᠪᠠᠯ ᠥᠯᠥᠰᠬᠡᠵᠦ ᠤᠮᠳᠠᠭᠠᠰᠤᠭᠤᠯᠬᠤ ᠪᠠ ᠡᠮᠴᠢ ᠶᠢᠨ ᠵᠠᠬᠢᠶ᠎ᠠ ᠪᠠᠷ ᠬᠤᠳᠣᠭᠤᠳᠤᠨ ᠳᠤᠨᠢ ᠵᠢᠩ ᠲᠠᠯᠪᠢᠬᠤ᠂ ᠡᠰᠡᠬᠦᠯ᠎ᠡ ᠪᠥᠬᠡᠯᠵᠢᠬᠦᠯᠤᠭ᠍ᠰᠡᠨ ᠤ ᠲᠠᠷᠠᠭ᠎ᠠ ᠠᠷᠢᠬᠢ᠂ ᠪᠤᠴᠠᠯᠤᠭᠰᠠᠨ ᠤᠰᠤ᠂ ᠥᠳᠬᠡᠨ ᠴᠠᠢ ᠵᠡᠷᠭᠡ ᠶᠢ ᠤᠤᠭᠤᠯᠭᠠᠬᠤ ᠪᠤᠶᠤ ᠠᠮᠤᠷ ᠊᠊᠊᠊᠊ 6᠂ ᠬᠤᠳᠣᠭᠤᠳᠤᠨ ᠠᠷᠤᠷ᠎ᠠ ᠊᠊᠊᠊᠊ 10᠂ ᠮᠣᠯᠣᠷ ᠳᠠᠪᠤᠰᠤ ᠊᠊᠊᠊᠊ 4 ᠵᠡᠷᠭᠡ ᠶᠢ ᠤᠤᠭᠤᠯᠭᠠᠵᠤ ᠪᠣᠯᠣᠨ᠎ᠠ᠃ ᠢᠳᠡᠭᠡᠨ ᠤᠮᠳᠠᠭᠠᠨ ᠤ ᠲᠠᠯ᠎ᠠ ᠪᠠᠷ ᠵᠠᠰᠠᠯ ᠤᠨ ᠲᠠᠷᠠᠭ᠎ᠠ ᠪᠤᠴᠠᠯᠤᠭᠰᠠᠨ ᠤᠰᠤ ᠤᠤᠭᠤᠯᠭᠠᠵᠤ᠂ ᠰᠢᠩᠭᠡᠭᠡᠯᠲᠡ ᠳᠤ ᠲᠤᠰᠠᠯᠠᠬᠤ ᠪᠥᠭᠡᠳ ᠬᠥᠩᠭᠡᠨ ᠪᠦᠯᠢᠶᠡᠨ ᠪᠤᠶᠤ ᠰᠢᠩᠭᠡᠭᠡᠬᠦ ᠳᠤ ᠬᠢᠯᠪᠡᠷ ᠲᠤᠲᠤᠷᠭᠠᠨ ᠰᠢᠩᠭᠡᠨ ᠪᠤᠳᠠᠭ᠎ᠠ᠂ ᠴᠢᠨᠠᠭᠰᠠᠨ ᠭᠤᠯᠢᠷ ᠪᠤᠶᠤ ᠬᠠᠭᠤᠷᠴᠤ ᠲᠠᠯᠬᠠᠳᠠᠭᠰᠠᠨ ᠢᠳᠡᠭᠡᠨ ᠢ ᠪᠠᠭ᠎ᠠ ᠬᠡᠮᠵᠢᠶ᠎ᠡ ᠪᠠᠷ ᠢᠳᠡᠭᠦᠯᠬᠦ ᠬᠡᠷᠡᠭᠲᠡᠢ᠃ ᠲᠦᠭᠦᠬᠡᠢ᠂ ᠡᠰᠡ ᠰᠢᠩᠭᠡᠭᠡᠬᠦ ᠵᠦᠢᠯ᠂ ᠬᠡᠲᠦᠷᠬᠡᠢ ᠬᠤᠷᠴᠠ ᠬᠠᠯᠠᠭᠤᠨ ᠪᠤᠶᠤ ᠬᠦᠢᠲᠡᠨ ᠢᠳᠡᠭᠡᠨ ᠤᠮᠳᠠᠭᠠᠨ ᠢ ᠴᠡᠭᠡᠷᠯᠡᠭᠦᠯᠬᠦ ᠬᠡᠷᠡᠭᠲᠡᠢ᠃ ᠶᠠᠪᠤᠳᠠᠯ ᠮᠥᠷ ᠤᠨ ᠲᠠᠯ᠎ᠠ ᠪᠠᠷ ᠵᠠᠰᠠᠯ ᠤᠨ ᠲᠠᠷᠠᠭ᠎ᠠ ᠭᠡᠨᠡᠳᠲᠡ ᠪᠠᠷ ᠬᠠᠲᠠᠭᠤ ᠬᠦᠴᠦᠯᠡᠬᠦ᠂ ᠡᠮᠭᠡᠨᠢᠨ ᠵᠤᠪᠠᠭ᠋ᠤ᠂ ᠤᠯᠠᠨ ᠥᠭᠦᠯᠡᠬᠦ ᠮᠡᠲᠦ ᠶᠢᠨ ᠰᠡᠳᠬᠢᠯ ᠤᠨ ᠤᠢᠢᠯᠡ ᠶᠢ ᠬᠡᠲᠦᠷᠡᠭᠦᠯᠬᠦ᠂ ᠡᠳᠦᠷ ᠬᠡᠲᠦᠷᠬᠡᠢ ᠤᠨᠲᠠᠬᠤ᠂ ᠮᠣᠷᠢ ᠤᠨᠤᠭ᠎ᠠ ᠤᠨᠤᠬᠤ᠂ ᠰᠠᠯᠬᠢᠨ ᠳᠤ ᠦᠯᠢᠶᠡᠭᠳᠡᠬᠦ᠂ ᠪᠣᠷᠣᠭᠠᠨ ᠴᠢᠬᠢᠭ ᠲᠤ ᠨᠣᠷᠣᠭᠳᠠᠬᠤ᠂ ᠤᠳᠤᠭᠠᠨ ᠳᠤ ᠤᠳᠤᠭᠳᠠᠬᠤ᠂ ᠬᠤᠷᠢᠴᠠᠯ ᠤᠨ ᠠᠮᠢᠳᠤᠷᠠᠯ ᠬᠢᠬᠦ ᠵᠡᠷᠭᠡ ᠶᠢ ᠴᠡᠭᠡᠷᠯᠡᠬᠦ ᠬᠡᠷᠡᠭᠲᠡᠢ᠃
 
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号