ᠰᠠᠪᠬ᠎ᠠ ᠪᠠᠨ ᠤᠬᠢᠶᠠᠭᠠᠳ ᠦᠵᠦᠭᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠤᠤ ᠳᠣᠷᠣᠭᠰᠢ ᠨᠢ ᠬᠠᠷᠠᠭᠤᠯᠵᠤ ᠲᠠᠯᠪᠢᠬᠤ ᠤᠤ︖
ᠨᠡᠶᠢᠲᠡᠯᠡᠭᠰᠡᠨ ᠴᠠᠭ᠄
2023/11/16
    ᠰᠠᠪᠬ᠎ᠠ ᠪᠠᠨ ᠤᠬᠢᠶᠠᠭᠠᠳ ᠦᠵᠦᠭᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠶᠤᠮ ᠤᠤ ᠳᠣᠷᠣᠭᠰᠢ ᠨᠢ ᠬᠠᠷᠠᠭᠤᠯᠵᠤ ᠲᠠᠯᠪᠢᠬᠤ ᠶᠤᠮ ᠤᠤ︖ ᠭᠡᠳᠡᠭ ᠢ ᠣᠯᠠᠩᠬᠢ ᠬᠥᠮᠥᠨ ᠬᠠᠷᠢᠨ ᠲᠠᠭ ᠮᠡᠳᠡᠳᠡᠭ ᠦᠭᠡᠢ᠃ ᠰᠠᠪᠬ᠎ᠠ ᠶᠢ ᠪᠢᠳᠠ ᠡᠳᠦᠷ ᠲᠤᠳᠤᠮ ᠤᠨ ᠠᠮᠢᠳᠤᠷᠠᠯ ᠳᠤᠮᠳᠠ ᠦᠷᠬᠦᠯᠵᠢ ᠬᠡᠷᠡᠭᠯᠡᠳᠡᠭ᠃ ᠤᠰᠤ ᠪᠠᠷ ᠰᠠᠪᠬᠠᠨ ᠳᠡᠭᠡᠷᠡᠬᠢ ᠣᠯᠠᠩᠬᠢ ᠪᠠᠺᠲ᠋ᠧᠷᠢ ᠶᠢ ᠨᠢ ᠤᠬᠢᠶᠠᠵᠤ ᠴᠡᠪᠡᠷᠯᠡᠴᠢᠬᠡᠳᠡᠭ ᠪᠤᠯᠪᠠᠴᠤ ᠮᠥᠨ ᠦᠯᠡᠳᠡᠪᠦᠷᠢ ᠪᠠᠺᠲ᠋ᠧᠷᠢ ᠲᠠᠢ ᠪᠠᠶᠢᠳᠠᠭ᠃     ᠡᠶᠢᠮᠦ ᠤᠴᠢᠷ ᠠᠴᠠ ᠰᠠᠪᠬ᠎ᠠ ᠪᠠᠨ ᠶᠠᠭᠠᠬᠢᠵᠤ ᠲᠠᠯᠪᠢᠬᠤ ᠲᠤᠬᠠᠢ ᠣᠨᠴᠠᠭᠠᠶᠢᠯᠠᠨ ᠠᠩᠬᠠᠷᠬᠤ ᠬᠡᠷᠡᠭᠲᠡᠢ᠃ ᠵᠠᠷᠢᠮ ᠬᠥᠮᠥᠨ ᠦᠵᠦᠭᠦᠷ ᠢ ᠨᠢ ᠳᠡᠭᠡᠭᠰᠢ ᠨᠢ ᠬᠠᠷᠠᠭᠤᠯᠪᠠᠯ ᠨᠡᠩ ᠴᠡᠪᠡᠷ ᠭᠡᠬᠦ ᠳᠤ᠂ ᠵᠠᠷᠢᠮ ᠨᠢ ᠦᠵᠦᠭᠦᠷ ᠢ ᠨᠢ ᠳᠣᠷᠣᠭᠰᠢ ᠨᠢ ᠬᠠᠷᠠᠭᠤᠯᠪᠠᠯ ᠨᠡᠩ ᠴᠡᠪᠡᠷ ᠭᠡᠵᠦ ᠦᠵᠡᠳᠡᠭ᠃ ᠲᠡᠭᠡᠪᠡᠯ ᠴᠣᠬᠤᠮ ᠶᠠᠭᠠᠬᠢᠵᠤ ᠲᠠᠯᠪᠢᠪᠠᠯ ᠴᠡᠪᠡᠷ ᠪᠤᠢ︖ ᠲᠠᠯᠪᠢᠬᠤ ᠳᠠᠭᠠᠨ ᠶᠠᠭᠤ ᠶᠢ ᠠᠩᠬᠠᠷᠪᠠᠯ ᠵᠣᠬᠢᠬᠤ ᠪᠣᠶ︖     ᠦᠨᠡᠨ ᠳᠡᠭᠡᠨ ᠰᠠᠪᠬ᠎ᠠ ᠪᠠᠨ ᠤᠬᠢᠶᠠᠭᠠᠳ ᠦᠵᠦᠭᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠬᠤ ᠨᠢ ᠶᠡᠭᠡ ᠪᠤᠵᠠᠷ ᠶᠤᠮ᠃ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠰᠠᠪᠬᠠᠨ ᠤ ᠬᠤᠩᠭᠢᠶ᠎ᠠ ᠳᠤ ᠦᠵᠦᠭᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠭᠰᠠᠨ ᠲᠣᠬᠢᠶᠠᠯᠳᠤᠯ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠢ ᠲᠤᠭ᠎ᠠ ᠪᠠ ᠪᠦᠳᠦᠭᠦᠨ ᠭᠡᠳᠡᠰᠦᠨ ᠤ ᠪᠠᠺᠲ᠋ᠧᠷᠢ ᠶᠢᠨ ᠪᠥᠭᠡᠮᠨᠡᠷᠡᠯ ᠤᠨ ᠲᠤᠭ᠎ᠠ ᠬᠡᠮᠵᠢᠭᠳᠡᠯ ᠨᠢ ᠴᠥᠮ ᠮᠠᠰᠢ ᠥᠨᠳᠥᠷ ᠪᠠᠶᠢᠨ᠎ᠠ᠃ ᠲᠡᠶᠢᠮᠦ ᠠᠴᠠ ᠰᠠᠪᠬ᠎ᠠ ᠪᠠᠨ ᠵᠠᠪᠠᠯ ᠳᠡᠭᠡᠭᠰᠢ ᠨᠢ ᠬᠠᠷᠠᠭᠤᠯᠵᠤ ᠲᠠᠯᠪᠢᠬᠤ ᠬᠡᠷᠡᠭᠲᠡᠢ᠃ ᠡᠭᠦᠨ ᠠᠴᠠ ᠭᠠᠳᠠᠨ᠎ᠠ ᠤᠳᠠᠭᠠᠨ ᠡᠳᠦᠷ ᠬᠡᠷᠡᠭᠯᠡᠭᠰᠡᠨ ᠦᠭᠡᠢ ᠰᠠᠪᠬ᠎ᠠ ᠪᠠᠨ ᠪᠤᠴᠠᠯᠤᠭᠰᠠᠨ ᠤᠰᠤᠨ ᠳᠤ ᠳᠡᠪᠲᠦᠭᠡᠪᠡᠯ ᠰᠠᠪᠬᠠᠨ ᠳᠡᠭᠡᠷᠡᠬᠢ ᠪᠠᠺᠲ᠋ᠧᠷᠢ ᠶᠢ ᠨᠢ ᠠᠯᠠᠬᠤ ᠳᠤ ᠲᠤᠰᠠᠲᠠᠢ ᠶᠤᠮ᠃     ᠵᠠᠷᠢᠮ ᠠᠶᠢᠯ ᠠᠷᠢᠭᠤᠨ ᠴᠡᠪᠡᠷ ᠢ ᠶᠡᠭᠡ ᠠᠩᠬᠠᠷᠳᠠᠭ ᠪᠣᠯᠬᠤᠷ ᠭᠡᠷ ᠲᠡᠭᠡᠨ ᠥᠪᠡᠷ ᠥᠪᠡᠷ ᠤᠨ ᠢᠶᠠᠨ ᠰᠠᠪᠬ᠎ᠠ ᠶᠢ ᠬᠡᠷᠡᠭᠯᠡᠳᠡᠭ᠃ ᠭᠡᠪᠡᠴᠦ ᠰᠠᠪᠬ᠎ᠠ ᠶᠢ ᠤᠳᠠᠭᠠᠨ ᠬᠡᠷᠡᠭᠯᠡᠪᠡᠯ ᠥᠩᠭᠡ ᠨᠢ ᠤᠨᠠᠵᠤ ᠴᠠᠪᠠ ᠭᠠᠷᠬᠤ ᠨᠢ ᠳᠠᠮᠵᠢᠭ ᠦᠭᠡᠢ ᠪᠣᠯᠬᠤᠷ ᠪᠦᠷᠢᠮᠦᠰᠦᠨ ᠴᠡᠪᠡᠷ ᠤᠬᠢᠶᠠᠵᠤ ᠲᠠᠶᠢᠯᠬᠦ ᠦᠭᠡᠢ ᠪᠣᠯᠵᠤ᠂ ᠬᠤᠲᠣᠭᠤᠷ ᠭᠦᠳᠦᠭᠦᠷ ᠲᠤᠨᠢ ᠪᠠᠺᠲ᠋ᠧᠷᠢ ᠨᠢᠭᠤᠭᠳᠠᠨ᠂ ᠮᠤᠷᠦ᠋ᠢᠬᠤ ᠭᠠᠵᠢᠬᠤ ᠪᠠᠷ ᠪᠠᠷᠠᠬᠤ ᠦᠭᠡᠢ ᠸᠠᠯᠠᠭᠰᠠᠨ ᠲᠣᠯᠪᠤ ᠰᠠᠭᠤᠵᠤ ᠦᠮᠡᠬᠡᠢ ᠦᠨᠦᠷ ᠭᠠᠷᠳᠠᠭ᠃ ᠲᠠᠶᠢᠮᠤ ᠠᠴᠠ ᠪᠠᠺᠲ᠋ᠧᠷᠢ ᠶᠢᠨ ᠬᠦᠯᠡᠮᠵᠢ ᠪᠣᠯᠤᠭᠰᠠᠨ ᠡᠳᠡᠭᠡᠷ ᠰᠠᠪᠬ᠎ᠠ ᠶᠢ ᠬᠠᠶᠢᠷᠠᠯᠠᠯ ᠦᠭᠡᠢ ᠰᠢᠭᠤᠳ ᠬᠠᠶᠠᠭᠠᠳ᠂ ᠵᠣᠬᠢᠬᠤ ᠬᠤᠭᠤᠴᠠᠭᠠᠨ ᠳᠤ ᠰᠢᠨ᠎ᠡ ᠰᠠᠪᠬ᠎ᠠ ᠰᠣᠯᠢᠵᠤ ᠪᠠᠶᠢᠭᠠᠷᠠᠢ᠃
 
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号