ᠲᠤᠭᠤᠯ ᠤᠨ ᠪᠦᠳᠦᠬᠦᠨ ᠬᠡᠳᠡᠰᠦᠨ ᠤ ᠰᠠᠪᠬᠠᠨᠴᠢᠷ ᠪᠠᠺᠲ᠋ᠧᠷᠢᠲᠤ ᠡᠪᠡᠳᠴᠢᠨ ︵ᠲᠤᠭᠤᠯ ᠤᠨ ᠴᠠᠭᠠᠨ ᠴᠢᠴᠠᠭ᠎ᠠ︶
ᠨᠡᠶᠢᠲᠡᠯᠡᠭᠰᠡᠨ ᠴᠠᠭ᠄
2023/11/13
     ᠭᠤᠤᠯᠳᠠᠭᠤ ᠨᠢᠭᠡ ᠭᠠᠷᠠᠭ ᠤᠨ ᠨᠠᠰᠤᠨ ᠤ ᠨᠢᠯᠬ᠎ᠠ ᠲᠤᠭᠤᠯ ᠳᠤ ᠡᠭᠦᠰᠳᠡᠭ᠃ ᠪᠤᠰᠤᠳ ᠲᠤᠭᠤᠯ ᠳᠤ ᠡᠬᠦᠰᠬᠦ ᠨᠢ ᠨᠡᠯᠢᠶᠡᠳ ᠴᠦᠬᠡᠨ ᠪᠠᠶᠢᠳᠠᠭ᠃ ᠡᠮᠴᠢᠯᠡᠪᠦᠷᠢ ᠶᠢᠨ ᠢᠯᠡᠷᠡᠯ ᠨᠢ ᠭᠤᠷᠪᠠᠨ ᠵᠦᠢᠯ ᠤᠨ ᠭᠡᠯᠪᠡᠷᠢ ᠲᠠᠢ ⑴ ᠴᠢᠰᠦ ᠦᠵᠢᠷᠡᠬᠦ ᠬᠡᠯᠪᠡᠷᠢ᠃ ᠪᠠᠺᠲ᠋ᠧᠷᠢᠲᠤ ᠴᠢᠰᠦᠨ ᠬᠡᠮ ᠡᠬᠦᠰᠭᠡᠳᠡᠭ ᠪᠦᠳᠦᠬᠦᠨ ᠬᠡᠳᠡᠰᠦᠨ ᠤ ᠰᠠᠪᠬᠠᠨᠴᠢᠷ ᠪᠠᠺᠲ᠋ᠧᠷᠢ ᠠᠴᠠ ᠪᠤᠯᠵᠦ ᠡᠪᠡᠳᠴᠢᠯᠡᠨ᠎ᠡ᠃ ⑵ ᠭᠡᠳᠡᠰᠦᠨ ᠤ ᠬᠡᠯᠪᠡᠷᠢ᠃ ᠭᠡᠳᠡᠰᠦ ᠶᠢ ᠡᠪᠡᠳᠴᠢᠯᠡᠬᠦᠯᠬᠦ ᠪᠠᠺᠲ᠋ᠧᠷᠢ ᠶᠢᠨ ᠰᠠᠭᠤᠷᠢ  ᠨᠢ ᠨᠠᠷᠢᠨ ᠬᠡᠳᠡᠰᠦᠨ ᠳᠤ ᠦᠷᠡᠵᠢᠵᠦ ᠬᠡᠳᠡᠰᠦᠨ ᠤ ᠬᠤᠤᠷᠰᠦ ᠡᠬᠦᠰᠬᠡᠬᠡᠳ ᠬᠦᠨᠳᠤ ᠴᠢᠴᠠᠭ᠎ᠠ ᠠᠯᠳᠠᠭᠤᠯᠤᠨ᠎ᠠ᠃ ⑶ ᠭᠡᠳᠡᠰᠦᠨ ᠤ ᠴᠢᠰᠤ ᠬᠤᠤᠷᠳᠠᠭᠳᠠᠬᠤ ᠭᠡᠯᠪᠡᠷᠢ᠃ ᠴᠦᠬᠡᠨ ᠲᠤᠬᠢᠶᠠᠯᠳᠤᠨ᠎ᠠ᠂ ᠪᠠᠺᠲ᠋ᠧᠷᠢᠲᠤ ᠴᠢᠰᠦᠨ ᠬᠡᠮ ᠦᠬᠡᠢ᠃      ᠡᠪᠡᠳᠴᠢᠨ ᠤ ᠳᠡᠯᠭᠡᠷᠡᠬᠦ ᠵᠦᠢ᠄      ᠬᠠᠯᠳᠠᠪᠤᠷᠢᠯᠠᠮᠠᠳᠠᠭᠠᠢ ᠠᠮᠢᠳᠠᠨ ᠨᠢ 10 ᠡᠳᠦᠷ ᠤᠨ ᠨᠠᠰᠤᠨ ᠤ ᠲᠤᠳᠤᠷᠠᠬᠢ ᠨᠢᠯᠬ᠎ᠠ ᠲᠤᠭᠤᠯ ᠤᠳ ᠪᠤᠯᠤᠨ᠎ᠠ᠃ ᠬᠠᠯᠳᠠᠪᠤᠷᠢ ᠶᠢᠨ ᠡᠬᠢ ᠨᠢ ᠡᠪᠡᠳᠴᠢᠨ ᠲᠠᠢ ᠦᠨᠢᠶ᠎ᠡ᠂ ᠲᠤᠭᠤᠯ ᠪᠤᠶᠤ ᠡᠪᠡᠳᠴᠢᠯᠡᠬᠦᠯᠦᠭᠴᠢ ᠶᠢ ᠠᠴᠢᠭᠴᠢ ᠮᠠᠯ ᠪᠤᠯᠤᠨ᠎ᠠ᠃ ᠭᠤᠤᠯᠳᠠᠭᠤ ᠰᠢᠩᠬᠡᠬᠡᠯᠳᠡ ᠶᠢᠨ ᠵᠠᠮ᠂ ᠰᠠᠪᠠ᠂ ᠬᠦᠢᠰᠦᠨ ᠤᠭᠤᠰᠤᠷ ᠢᠶᠠᠷ ᠳᠠᠮᠵᠢᠨ ᠬᠠᠯᠳᠠᠪᠤᠷᠢᠯᠠᠨ᠎ᠠ᠃ ᠤᠯᠠᠩᠬᠢ ᠳᠠᠭᠠᠨ ᠬᠠᠰᠢᠶᠠᠯᠠᠨ ᠳᠡᠵᠢᠬᠡᠬᠦ ︵ᠡᠪᠤᠯ᠂ ᠬᠠᠪᠤᠷ︶ ᠬᠤᠭᠤᠴᠠᠭᠠᠨ ᠳᠤ ᠡᠬᠦᠰᠴᠤ᠂ ᠭᠠᠵᠠᠷ ᠤᠷᠤᠨ  ᠤ ᠴᠢᠨᠠᠷᠲᠠᠢ ᠳᠡᠯᠭᠡᠷᠡᠯᠳᠡ ᠪᠤᠶᠤ ᠲᠠᠷᠠᠬᠠᠢ ᠳᠡᠯᠭᠡᠷᠡᠯᠳᠡ ᠡᠬᠦᠰᠳᠡᠭ᠃ ᠲᠤᠭᠤᠯ ᠤᠨ ᠡᠰᠡᠷᠭᠦᠴᠡᠭᠦ ᠬᠦᠴᠦ ᠶᠢ ᠪᠠᠭᠤᠷᠠᠭᠤᠯᠬᠤ ᠡᠯ᠎ᠡ ᠵᠦᠢᠯ ᠤᠨ ᠬᠦᠴᠦᠨ ᠵᠦᠢᠯ ᠪᠦᠬᠦᠨ ᠨᠢ ᠲᠤᠰ ᠡᠪᠡᠳᠴᠢᠨ ᠤ ᠡᠬᠦᠰᠬᠦ ᠶᠢ ᠠᠬᠢᠭᠤᠯᠬᠤ ᠪᠤᠶᠤ ᠭᠦᠨᠳᠦᠷᠡᠭᠦᠯᠳᠡᠭ᠃      ᠰᠢᠨᠵᠢ ᠳᠡᠮᠳᠡᠭ      ᠴᠢᠰᠦ ᠦᠵᠢᠷᠡᠬᠦ ᠬᠡᠯᠪᠡᠷᠢ᠄ ᠳᠠᠯᠳᠠ ᠬᠤᠭᠤᠴᠠᠭ᠎ᠠ ᠨᠢ ᠣᠬᠤᠷ ᠬᠡᠳᠦᠬᠡᠨ ᠴᠠᠭ ᠪᠠᠶᠢᠳᠠᠭ᠃ ᠡᠪᠡᠳᠴᠢᠯᠡᠵᠦ ᠡᠬᠢᠯᠡᠬᠦ ᠳᠤ ᠪᠡᠶ᠎ᠡ ᠶᠢᠨ ᠲᠤᠯᠠᠭᠠᠨ ᠨᠢ ᠳᠡᠭᠡᠭᠰᠢᠯᠡᠬᠡᠳ 40℃ ᠬᠦᠷᠴᠤ᠂ ᠰᠦᠷ ᠰᠦᠯᠳᠡ ᠪᠤᠯᠤᠨ ᠢᠳᠡᠰᠢᠨ ᠤ ᠳᠤᠷᠠᠰᠢᠯ ᠨᠢ ᠮᠠᠭᠤᠳᠠᠵᠦ ᠢᠳᠡᠰᠢ ᠢᠳᠡᠬᠦ ᠦᠬᠡᠢ ᠪᠤᠯᠤᠨ᠎ᠠ᠃ ᠲᠡᠭᠡᠭᠡᠳ ᠭᠡᠳᠣᠨ ᠴᠠᠭ ᠤᠨ ᠳᠠᠷᠠᠭ᠎ᠠ ᠴᠢᠴᠠᠭ᠎ᠠ ᠠᠯᠳᠠᠵᠦ᠂ ᠪᠠᠭᠠᠰᠤ ᠨᠢ ᠡᠬᠢᠨ ᠳᠡᠭᠡᠨ ᠰᠢᠩᠭᠡᠨ ᠰᠢᠷ᠎ᠡ ᠦᠩᠬᠡ ᠲᠠᠢ᠂ ᠵᠤᠳᠠᠩ ᠰᠢᠭ᠋ ᠲᠤᠩ ᠦᠮᠡᠬᠡᠢ ᠪᠠᠶᠢᠭᠰᠠᠨ ᠠᠴᠠ ᠪᠠᠨ ᠣᠰᠣ ᠰᠢᠭ᠋ ᠴᠠᠶᠢᠪᠤᠷ ᠪᠤᠯᠵᠦ᠂ ᠡᠭᠡᠳᠡᠷᠡᠭᠰᠡᠨ ᠴᠢᠰᠤ ᠪᠤᠶᠤ ᠬᠡᠢ ᠴᠦᠪᠦᠷᠢᠬᠦᠦ ᠬᠤᠯᠢᠯᠳᠤᠵᠦ ᠭᠠᠷᠤᠨ᠎ᠠ᠃ ᠰᠡᠬᠦᠯᠴᠢ ᠶᠢᠨ ᠬᠤᠭᠤᠴᠠᠭᠠᠨ ᠳᠤ ᠪᠡᠶ᠎ᠡ ᠨᠢ ᠤᠯᠠᠮ ᠢᠶᠠᠷ ᠮᠠᠭᠤᠳᠠᠵᠦ ᠭᠡᠪᠳᠡᠷᠢ ᠳᠤ ᠤᠷᠤᠭᠠᠳ 1 ~ 3 ᠡᠳᠤᠷ ᠤᠨ ᠳᠠᠷᠠᠭ᠎ᠠ ᠦᠬᠦᠳᠡᠭ᠃ ᠦᠬᠦᠯ ᠤᠨ ᠨᠤᠷᠮ᠎ᠠ ᠨᠢ 80% ~ 100% ᠳᠤ ᠬᠦᠷᠳᠡᠭ᠃      ᠭᠡᠳᠡᠰᠦᠨ ᠤ ᠬᠡᠯᠪᠡᠷᠢ᠄ ᠪᠡᠶ᠎ᠡ ᠶᠢᠨ ᠲᠤᠯᠠᠭᠠᠨ ᠨᠢ ᠪᠠᠭ᠎ᠠ ᠬᠤᠪᠢᠷᠠᠯᠲᠠ ᠭᠠᠷᠴᠤ᠂ ᠴᠢᠴᠠᠭ᠎ᠠ ᠠᠯᠳᠠᠵᠦ ᠣᠰᠣ ᠠᠯᠳᠠᠭᠠᠳ ᠦᠬᠦᠨ᠎ᠡ᠃ ᠪᠠᠭᠠᠰᠤ ᠨᠢ ᠡᠬᠢᠨ ᠳᠡᠭᠡᠨ ᠨᠠᠭᠠᠯᠳᠠ ᠰᠢᠭ᠋᠂ ᠰᠡᠬᠦᠯ ᠳᠡᠭᠡᠨ ᠤᠰᠤ ᠰᠢᠭ᠋᠂ ᠰᠢᠷ᠎ᠠ ᠪᠤᠶᠤ ᠴᠠᠭᠠᠨ ᠰᠢᠩᠭᠡᠭᠡᠭᠰᠡᠨ ᠦᠬᠡᠢ ᠰᠦ ᠬᠤᠯᠢᠯᠳᠤᠵᠦ᠂ ᠪᠠᠰᠠ ᠴᠢᠰᠤ᠂ ᠬᠦᠬᠡᠰᠤ ᠵᠢᠴᠢ ᠬᠦᠴᠢᠯᠯᠢᠭ ᠦᠨᠦᠷ ᠲᠠᠢ᠂ ᠭᠡᠳᠡᠰᠤ ᠭᠡᠪᠡᠯᠢ ᠨᠢ ᠡᠪᠡᠳᠬᠦ᠂ ᠬᠡᠪᠡᠯᠢ ᠪᠠᠨ ᠢᠰᠬᠦᠯᠬᠦ ᠵᠡᠷᠭᠡ ᠢᠯᠡᠷᠡᠯ ᠲᠠᠢ ᠪᠠᠶᠢᠵᠦ᠂ ᠡᠪᠡᠳᠴᠢᠨ ᠤ ᠶᠠᠪᠤᠴᠠ ᠶᠢᠨ ᠤᠷᠲᠤ ᠨᠢ ᠠᠭᠤᠰᠬᠢᠨ ᠦᠷᠪᠢᠰᠦᠯ ᠪᠠ ᠬᠦᠢᠰᠦᠨ ᠤ ᠦᠷᠪᠢᠰᠦᠯ ᠡᠬᠦᠰᠦᠨ᠎ᠡ᠃      ᠭᠡᠳᠡᠰᠦᠨ ᠤ ᠴᠢᠰᠤ ᠬᠤᠤᠷᠳᠠᠭᠳᠠᠬᠤ ᠬᠡᠮ ᠤᠨ ᠬᠡᠯᠪᠡᠷᠢ᠄ ᠡᠬᠦᠰᠬᠦ ᠨᠢ ᠴᠦᠬᠡᠨ᠂ ᠬᠡᠨᠡᠳᠳᠡ ᠪᠠᠷ ᠦᠬᠦᠬᠦ᠂ ᠡᠪᠡᠳᠴᠢᠨ ᠤ ᠶᠠᠪᠤᠴᠠ ᠶᠢᠨ ᠤᠷᠳᠤ ᠰᠢᠭ᠋ ᠨᠢ ᠲᠠᠶᠢᠪᠤᠩ ᠦᠬᠡᠢ ᠪᠠᠶᠢᠵᠦ᠂ ᠬᠦᠬᠡᠷᠭᠦ᠂ ᠮᠢᠨᠴᠦᠬᠦᠷᠡᠬᠦ ᠵᠡᠷᠭᠡ ᠬᠤᠤᠷᠳᠠᠭᠳᠠᠭᠰᠠᠨ ᠮᠡᠳᠡᠷᠡᠯ ᠤᠨ ᠰᠢᠨᠵᠢ ᠳᠡᠮᠳᠡᠭ ᠢᠯᠡᠷᠡᠨ᠎ᠡ᠃      ᠡᠪᠡᠳᠴᠢᠨ ᠤ ᠵᠦᠢ ᠶᠢᠨ ᠬᠤᠪᠢᠷᠠᠯᠳᠠ      ᠬᠤᠳᠤᠭᠤᠳᠤ ᠭᠡᠳᠡᠰᠤᠨ ᠤ ᠰᠠᠯᠢᠰᠤᠲᠤ ᠪᠦᠷᠭᠦᠪᠴᠢ ᠠᠴᠠ ᠨᠢ ᠴᠢᠰᠤ ᠭᠠᠷᠬᠤ ᠦᠷᠪᠢᠰᠦᠯ ᠲᠠᠢ᠃ ᠡᠯᠢᠬᠡ᠂ ᠪᠦᠬᠡᠷ᠎ᠡ ᠨᠢ ᠴᠠᠶᠢᠪᠤᠷ ᠦᠩᠬᠡ ᠲᠠᠢ ᠪᠦᠬᠡᠳ ᠱᠦᠬᠦᠰᠦᠲᠤ ᠪᠦᠷᠬᠦᠬᠦᠯ ᠲᠤᠤᠷ᠎ᠠ ᠨᠢ ᠴᠢᠰᠤᠲᠤ ᠲᠤᠯᠪᠤ ᠲᠠᠢ᠃ ᠡᠬᠦᠨ ᠠᠴᠠ ᠭᠠᠳᠠᠨ᠎ᠠ ᠬᠡᠳᠡᠰᠦᠨ ᠤ ᠴᠢᠴᠠᠷᠬᠠᠢ ᠶᠢᠨ ᠯᠢᠮᠪᠠ ᠶᠢᠨ ᠵᠠᠩᠬᠢᠯᠠᠭ᠎ᠠ ᠨᠢ ᠬᠠᠪᠤᠳᠴᠤ ᠪᠦᠳᠦᠬᠦᠷᠡᠬᠡᠳ ᠵᠢᠷᠤᠭᠡᠨ ᠤ ᠲᠤᠳᠤᠷ᠎ᠠ ᠪᠦᠷᠭᠦᠪᠴᠢ ᠳᠤᠨᠢ ᠴᠢᠰᠤ ᠭᠠᠷᠴᠤ᠂ ᠭᠡᠳᠡᠰᠦᠨ ᠤ ᠬᠡᠯᠪᠡᠷᠢ ᠳᠤ ᠶᠠᠮᠠᠷᠴᠤ ᠬᠤᠪᠢᠷᠠᠯᠳᠠ ᠦᠬᠡᠢ ᠮᠦᠷᠳᠡᠭᠡᠨ ᠭᠠᠭ᠋ᠠᠢ ᠶᠢᠨ ᠲᠤᠷᠤᠢ ᠶᠢᠨ ᠴᠠᠭᠠᠨ ᠴᠢᠴᠠᠭ᠎ᠠ ᠲᠠᠢ ᠠᠳᠠᠯᠢᠪᠲᠤᠷ ᠪᠠᠶᠢᠳᠠᠭ᠃            ︽ᠮᠠᠯ ᠤᠨ ᠬᠠᠯᠳᠠᠪᠤᠷᠢᠲᠤ ᠡᠪᠡᠳᠴᠢᠨ ᠤ ᠤᠬᠠᠭᠠᠨ︾ ᠬᠡᠬᠦ ᠨᠤᠮ ᠠᠴᠠ ᠪᠠᠭᠤᠯᠭᠠᠪᠠ
 
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号