ᠵᠢᠬᠦᠷᠳᠡᠨ ᠤ ᠴᠡᠴᠡᠭ ᠡᠪᠡᠳᠴᠢᠨ ᠤ ᠰᠡᠷᠬᠡᠶᠢᠯᠡᠯᠲᠡ ᠶᠢᠨ ᠲᠤᠬᠠᠢ
ᠨᠡᠶᠢᠲᠡᠯᠡᠭᠰᠡᠨ ᠴᠠᠭ᠄
2022/8/4
      ᠶᠡᠷᠤ ᠶᠢᠨ ᠴᠠᠭ ᠲᠤ ᠵᠢᠬᠦᠷᠳᠡᠨ ᠤ ᠲᠠᠯᠠᠪᠠᠢ ᠪᠤᠯᠤᠨ ᠤᠷᠴᠢᠨ ᠲᠤᠭᠤᠷᠢᠨ ᠤ ᠡᠷᠡᠭᠦᠯ ᠬᠠᠮᠠᠭᠠᠯᠠᠯ ᠠᠷᠢᠭᠤᠨ ᠴᠡᠪᠡᠷ ᠪᠠᠶᠢᠬᠤ ᠶᠢ ᠪᠠᠲᠤᠯᠠᠵᠦ᠂ ᠲᠤᠬᠳᠠᠭᠰᠠᠨ ᠬᠤᠭᠤᠴᠠᠭ᠎ᠠ ᠲᠠᠢ ᠠᠷᠢᠭᠤᠳᠬᠠᠯ ᠬᠢᠬᠦ᠂ ᠬᠤᠷᠤᠬᠠᠢ ᠪᠠᠳᠠᠭᠠᠨ᠎ᠠ ᠳᠤ ᠵᠠᠭᠤᠬᠳᠠᠬᠤ ᠶᠢ ᠠᠯᠢ ᠴᠢᠳᠠᠬᠤ ᠪᠠᠷ ᠪᠠᠭᠠᠰᠬᠠᠵᠦ᠂ ᠡᠯ᠎ᠡ ᠵᠦᠢᠯ ᠤᠨ ᠰᠢᠯᠳᠠᠭᠠᠨ ᠠᠴᠠ ᠪᠤᠯᠵᠦ ᠲᠤᠶ᠋ᠢᠵᠦ ᠰᠢᠷᠬᠠᠳᠤᠬᠤ ᠪᠤᠶᠤ ᠭᠠᠳᠠᠷ ᠰᠢᠷᠬ᠎ᠠ ᠤᠯᠬᠤ ᠠᠴᠠ ᠰᠡᠷᠭᠡᠶᠢᠯᠡᠬᠦ ᠬᠡᠷᠡᠭᠲᠡᠢ᠃ ᠲᠦᠯᠦᠪᠯᠡᠭᠡ ᠲᠠᠢ ᠪᠠᠷ ᠰᠡᠷᠭᠡᠶᠢᠯᠡᠬᠦ ᠲᠠᠷᠢᠯᠭ᠎ᠠ ᠬᠢᠬᠦ ᠪᠤᠯ ᠲᠤᠰ ᠡᠪᠡᠳᠴᠢᠨ ᠢ ᠰᠡᠷᠭᠡᠶᠢᠯᠡᠬᠦ ᠪᠦᠲᠦᠮᠵᠢᠲᠡᠢ ᠠᠷᠭ᠎ᠠ ᠪᠤᠯᠤᠨ᠎ᠠ᠃ ᠮᠠᠨ ᠤ ᠣᠯᠣᠰ ᠤᠨ ᠤᠳᠤᠬᠠᠨ ᠳᠤ ᠬᠡᠷᠡᠭᠯᠡᠵᠦ ᠪᠠᠶᠢᠭ᠎ᠠ ᠢᠳᠠᠭᠤ  ᠪᠠᠷ ᠬᠤᠤᠷ ᠰᠣᠯᠠᠷᠠᠭᠤᠯᠤᠬᠰᠠᠨ ᠲᠠᠬᠢᠶᠠᠨ ᠤ ᠴᠡᠴᠡᠭ ᠤᠨ ᠸᠠᠺᠽᠢᠨ ᠢ 6 ᠡᠳᠤᠷ ᠠᠴᠠ ᠳᠡᠭᠡᠭᠰᠢ ᠨᠠᠰᠣᠨ ᠤ ᠴᠤᠷᠪᠠᠭ᠎ᠠ ᠳᠤ 200 ᠲᠠᠬᠢᠨ ᠢᠶᠠᠷ ᠰᠢᠩᠭᠡᠷᠡᠬᠦᠯᠵᠦ ᠳᠠᠯᠠᠪᠴᠢᠨ ᠤ ᠲᠤᠲᠤᠷ᠎ᠠ ᠲᠠᠯ᠎ᠠ ᠶᠢᠨ ᠴᠢᠰᠦᠨ ᠰᠣᠳᠠᠯ ᠦᠬᠡᠢ ᠬᠡᠰᠡᠭ ᠤᠨ ᠠᠷᠠᠰᠣᠨ ᠲᠤᠤᠷ᠎ᠠ ᠨᠢ ᠬᠠᠳᠬᠤᠵᠦ ᠲᠠᠷᠢᠨ᠎ᠠ᠃ 20 ᠡᠳᠣᠷ  ᠠᠴᠠ ᠳᠡᠭᠡᠭᠰᠢ ᠨᠠᠰᠣᠨ ᠤ ᠲᠠᠬᠢᠶᠠᠨ ᠳᠤ 100 ᠲᠠᠬᠢᠨ ᠢᠶᠠᠷ ᠰᠢᠩᠬᠡᠷᠡᠬᠦᠯᠵᠦ ᠨᠢᠬᠡ ᠵᠡᠬᠦᠦ ᠬᠠᠳᠬᠤᠵᠦ ᠲᠠᠷᠢᠨ᠎ᠠ᠃ 1 ᠰᠠᠷ᠎ᠠ ᠠᠴᠠ ᠳᠡᠭᠡᠭᠰᠢ ᠨᠠᠰᠤᠨ ᠤ ᠲᠠᠬᠢᠶᠠᠨ ᠳᠤ 100 ᠲᠠᠬᠢᠨ ᠰᠢᠩᠬᠡᠷᠡᠭᠦᠯᠵᠦ 2 ᠵᠡᠬᠦᠦ ᠬᠠᠳᠬᠤᠵᠦ ᠲᠠᠷᠢᠨ᠎ᠠ ᠃ ᠡᠬᠡᠯᠢᠯᠡᠭᠡ ᠶᠢᠨ ᠬᠤᠭᠤᠴᠠᠭ᠎ᠠ ᠨᠢ 4 ᠰᠠᠷ᠎ᠠ ᠦᠷᠭᠦᠯᠵᠢᠯᠡᠳᠡᠭ᠃      ᠲᠤᠰ ᠡᠪᠡᠳᠴᠢᠨ ᠡᠭᠦᠰᠦᠭᠰᠡᠨ ᠢ ᠮᠡᠳᠡᠭᠰᠡᠭᠡᠷ ᠲᠡᠷᠡ ᠳᠠᠷᠤᠢ ᠳᠤᠨᠢ ᠡᠪᠡᠳᠴᠢᠯᠡᠭᠰᠡᠨ ᠳᠠᠬᠢᠶ᠎ᠠ ᠶᠢ ᠲᠤᠰᠠᠭᠠᠷᠯᠠᠵᠦ᠂ ᠭᠦᠩᠬᠡᠨ ᠰᠢᠭ ᠢ ᠨᠢ ᠡᠮᠴᠢᠯᠡᠨ ᠵᠠᠰᠠᠵᠦ᠂ ᠬᠦᠨᠳᠦ ᠰᠢᠭ ᠢ ᠨᠢ ᠠᠯᠠᠭᠠᠳ ᠬᠦᠨ ᠪᠤᠯᠠᠬᠤ ᠪᠤᠶᠤ ᠰᠢᠳᠠᠭᠠᠨ᠎ᠠ᠃ ᠡᠷᠡᠬᠦᠯ ᠲᠠᠬᠢᠶᠠᠨ ᠳᠤ ᠪᠠᠴᠢᠮ ᠰᠡᠷᠭᠡᠶᠢᠯᠡᠯᠲᠡ ᠶᠢᠨ ᠲᠠᠷᠢᠯᠭ᠎ᠠ ᠲᠠᠷᠢᠵᠦ᠂ ᠪᠤᠵᠠᠷᠳᠤᠭᠰᠠᠨ ᠭᠠᠵᠠᠷ ᠢ ᠴᠢᠩᠭ᠎ᠠ ᠨᠢᠮᠪᠠᠢ ᠠᠷᠢᠭᠤᠳᠬᠠᠨ᠎ᠠ᠃ ᠠᠷᠠᠰᠣᠨ ᠳᠡᠭᠡᠷᠡᠬᠢ ᠡᠪᠡᠳᠴᠢᠨ ᠤ ᠭᠤᠯᠤᠮᠳᠠ ᠳᠠᠬᠢ ᠸᠢᠷᠦ᠋ᠰ ᠨᠢ ᠭᠠᠳᠠᠭᠠᠲᠤ ᠤᠷᠴᠢᠨ ᠳᠤ ᠲᠦᠢᠯ ᠤᠨ ᠴᠢᠩᠭ᠎ᠠ ᠳᠡᠰᠪᠤᠷᠢᠯᠡᠬᠦ ᠴᠢᠳᠠᠯ ᠲᠠᠢ ᠪᠤᠯᠬᠤᠷ ᠲᠤᠰᠠᠭᠠᠷᠯᠠᠵᠦ ᠪᠠᠶᠢᠭ᠎ᠠ ᠡᠪᠡᠳᠴᠢᠯᠡᠭᠰᠡᠨ ᠲᠠᠬᠢᠶ᠎ᠠ ᠨᠢ ᠪᠦᠷᠢᠮᠦᠰᠦᠨ ᠡᠷᠡᠬᠦᠯᠵᠢᠭᠰᠡᠨ ᠤ ᠰᠡᠬᠦᠯᠡᠷ 2 ᠰᠠᠷ᠎ᠠ ᠶᠢᠨ ᠳᠠᠷᠠᠭ᠎ᠠ ᠰᠦᠷᠦᠭ ᠲᠤᠨᠢ ᠨᠡᠶᠢᠯᠡᠬᠦᠯᠵᠦ ᠪᠤᠯᠤᠨ᠎ᠠ᠃      ᠡᠪᠡᠳᠴᠢᠯᠡᠭᠰᠡᠨ ᠲᠠᠬᠢᠶᠠᠨ ᠤ ᠠᠷᠠᠰᠤᠨ ᠳᠡᠭᠡᠷᠡᠬᠢ ᠴᠡᠴᠡᠭ ᠤᠨ ᠪᠢᠵᠢᠷᠡᠤ ᠶᠢ ᠶᠡᠷᠤ ᠳᠡᠭᠡᠨ ᠡᠮᠴᠢᠯᠡᠨ ᠵᠠᠰᠠᠬᠤ ᠴᠢᠬᠤᠯᠠ ᠦᠬᠡᠢ᠃ ᠭᠡᠷᠪᠡ ᠡᠮᠴᠢᠯᠡᠨ ᠵᠠᠰᠠᠬᠤ ᠭᠡᠪᠡᠯ ᠤᠷᠢᠳ ᠢᠶᠠᠷ 1% ᠶᠢᠨ ᠳᠡᠭᠡᠲᠤ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠢᠶᠠᠷ ᠴᠡᠴᠡᠭ ᠤᠨ ᠲᠤᠪᠬᠤ ᠶᠢ ᠨᠢ ᠤᠬᠢᠶᠠᠵᠦ᠂ ᠳᠠᠷᠠᠭ᠎ᠠ  ᠨᠢ ᠬᠢᠮᠰᠠ ᠪᠠᠷ ᠬᠤᠪᠬᠤᠯᠵᠦ ᠠᠪᠤᠭᠠᠳ ᠰᠢᠷᠬᠠᠨ ᠤ ᠬᠡᠰᠡᠭ ᠲᠤ ᠢᠤᠳ᠋ ᠤᠨ ᠬᠠᠨᠳᠠ ᠲᠦᠷᠬᠢᠨ᠎ᠡ᠃ ᠠᠮᠠᠨ ᠬᠦᠨᠳᠡᠢ ᠶᠢᠨ ᠡᠪᠡᠳᠴᠢᠨ ᠤ ᠭᠤᠯᠤᠮᠳᠠ ᠶᠢ ᠵᠠᠰᠠᠬᠤ ᠳᠠᠭᠠᠨ ᠤᠷᠢᠳ ᠢᠶᠠᠷ ᠬᠠᠭᠤᠷᠮᠠᠭ ᠪᠦᠷᠭᠦᠭᠦᠯ ᠢ ᠨᠢ ᠬᠢᠮᠰᠠ ᠪᠠᠷ ᠬᠤᠪᠬᠤᠯᠵᠦ ᠠᠪᠤᠭᠠᠳ᠂ 0.1% ᠶᠢᠨ ᠳᠡᠭᠡᠲᠤ ᠮᠠᠩᠭᠠᠨ ᠬᠦᠴᠢᠯ ᠤᠨ ᠺᠠᠯᠢ ᠪᠠᠷ ᠤᠬᠢᠶᠠᠵᠦ ᠲᠠᠬᠢᠨ ᠢᠤᠳ᠋ᠳᠤ ᠺᠠᠯᠽᠧᠷᠢᠨ ᠲᠦᠷᠬᠢᠬᠦ ᠪᠤᠶᠤ ᠪᠤᠷ ᠤᠨ ᠨᠤᠨᠳᠠᠭ ᠠᠰᠬᠠᠨ᠎ᠠ᠃ ᠨᠢᠳᠦᠨ ᠤ ᠬᠡᠰᠡᠭ ᠨᠢ ᠬᠠᠪᠤᠳᠤᠬᠰᠠᠨ ᠪᠤᠯ ᠤᠷᠢᠳ ᠢᠶᠠᠷ ᠲᠤᠳᠤᠷᠠᠬᠢ ᠡᠬᠡᠳᠡᠮᠡᠭ ᠮᠡᠲᠤ ᠰᠢᠩᠬᠡᠨ ᠢ ᠨᠢ ᠰᠢᠬᠠᠵᠦ ᠭᠠᠷᠭᠠᠭᠠᠳ ᠳᠠᠷᠠᠭ᠎ᠠ ᠨᠢ 2% ᠤᠨ ᠪᠤᠷ ᠬᠦᠴᠢᠯ ᠤᠨ ᠠᠭᠤᠰᠤᠮᠠᠯ ᠢᠶᠠᠷ ᠤᠬᠢᠶᠠᠨ᠎ᠠ ᠃ ᠲᠠᠬᠢᠨ 5%  ᠶᠢᠨ ᠤᠭᠤᠷᠠᠬᠲᠤ ᠮᠦᠩᠬᠦᠨ ᠤ ᠠᠭᠤᠰᠤᠮᠠᠯ ᠪᠤᠶᠤ ᠯᠤ᠋ ᠮᠧᠢ ᠰᠣ᠋ ᠶᠢ ᠨᠢᠳᠦᠨ ᠳᠤᠨᠢ ᠲᠤᠰᠤᠭᠠᠨ᠎ᠠ      ︽ᠮᠠᠯ ᠤᠨ ᠬᠠᠯᠳᠠᠪᠤᠷᠢᠲᠤ ᠡᠪᠡᠳᠴᠢᠨ ᠤ ᠤᠬᠠᠭᠠᠨ︾ ᠭᠡᠬᠦ ᠨᠣᠮ ᠠᠴᠠ ᠪᠠᠭᠤᠯᠭᠠᠪᠠ
 
ᠢᠷᠡᠯᠲᠡ᠄ ᠦᠣᠰᠢᠨ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号