ᠦᠬᠡᠷ ᠤᠨ ᠬᠠᠯᠳᠠᠪᠤᠷᠢᠳᠤ ᠬᠢᠮᠦᠷᠠᠭ᠎ᠠ ᠶᠢ ᠭᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2022/7/26
       ⒈30 % ᠶᠢᠨ ᠠᠨᠠᠯᠬᠢᠨ 20 ~ 30 ᠮᠢᠯᠢᠯᠢᠲᠷ᠃ ᠬᠡᠷᠡᠭᠯᠡᠬᠦ ᠠᠷᠭ᠎ᠠ᠄ 1 ᠣᠳᠠᠭ᠎ᠠ ᠶᠢᠨ ᠪᠤᠯᠴᠢᠩ  ᠳᠤ ᠨᠢ ᠲᠠᠷᠢᠨ᠎ᠠ᠂ ᠡᠳᠣᠷ ᠲᠤ 1 ~ 2 ᠤᠳᠠᠭ᠎ᠠ᠃        ⒉10% ᠶᠢᠨ ᠬᠠᠴᠢᠷᠯᠠᠭᠰᠠᠨ ᠠᠮᠢᠨᠤᠫᠢᠷᠢᠨ 20 ~30 ᠮᠢᠯᠢᠯᠢᠲᠷ᠃ ᠬᠡᠷᠡᠭᠯᠡᠬᠦ ᠠᠷᠭ᠎ᠠ᠄ 1 ᠣᠳᠠᠭ᠎ᠠ   ᠳᠤ ᠠᠷᠠᠰᠣᠨ ᠲᠤᠤᠷ᠎ᠠ ᠪᠤᠶᠤ ᠪᠤᠯᠴᠢᠩ ᠳᠤ ᠨᠢ ᠲᠠᠷᠢᠨ᠎ᠠ᠂ ᠡᠳᠤᠷ ᠪᠦᠷᠢ 1 ~ 2 ᠤᠳᠠᠭ᠎ᠠ᠃        ⒊ᠬᠠᠴᠢᠷᠯᠠᠭᠰᠠᠨ ᠺᠦᠢᠨᠢᠨ ᠲᠠᠷᠢᠯᠭ᠎ᠠ ᠶᠢᠨ ᠠᠭᠤᠰᠣᠮᠠᠯ 20 ~ 30 ᠮᠢᠯᠢᠯᠢᠲᠷ᠃ ᠬᠡᠷᠡᠭᠯᠡᠬᠦ ᠠᠷᠭ᠎ᠠ᠄ 1 ᠣᠳᠠᠭ᠎ᠠ ᠳᠤ ᠪᠤᠯᠴᠢᠩ ᠳᠤ ᠨᠢ ᠲᠠᠷᠢᠨ᠎ᠠ᠂ ᠡᠳᠣᠷ ᠲᠤ 1 ~ 2 ᠤᠳᠠᠭ᠎ᠠ᠃ ᠬᠡᠪᠲᠡᠷᠢ ᠳᠤ ᠤᠷᠤᠭᠰᠠᠨ ᠮᠠᠯ  ᠳᠤ ᠲᠤᠤᠷᠠᠬᠢ ᠵᠤᠷ ᠢ ᠰᠤᠩᠭᠤᠨ ᠬᠡᠷᠡᠭᠯᠡᠵᠤ ᠪᠤᠯᠤᠨ᠎ᠠ᠃         ⑴10% ᠶᠢᠨ ᠰᠠᠯᠢᠼᠢᠯ ᠬᠦᠴᠢᠯ ᠤᠨ ᠨᠠᠲᠷᠢ ᠶᠢᠨ ᠲᠠᠷᠢᠯᠭ᠎ᠠ ᠶᠢᠨ ᠠᠭᠤᠰᠤᠮᠠᠯ 100 ~150 ᠮᠢᠯᠢᠯᠢᠲᠷ᠃ ᠬᠡᠷᠡᠭᠯᠡᠬᠦ ᠠᠷᠭ᠎ᠠ᠄ 1 ᠣᠳᠠᠭ᠎ᠠ ᠳᠤ ᠨᠠᠮᠵᠢᠭᠤᠨ ᠰᠤᠳᠠᠯ ᠳᠤ ᠲᠠᠷᠢᠨ᠎ᠠ᠂ ᠡᠳᠤᠷ ᠲᠤ 1 ᠤᠳᠠᠭ᠎ᠠ᠂ ᠡᠪᠡᠳᠴᠢᠨ ᠤ ᠪᠠᠶᠢᠳᠠᠯ ᠢ ᠦᠨᠳᠤᠰᠣᠯᠡᠨ ᠵᠠᠯᠭᠠᠨ ᠬᠡᠷᠡᠭᠯᠡᠵᠤ ᠪᠤᠯᠤᠨ᠎ᠠ᠃         ⑵ᠡᠷᠰᠮᠢᠩ ᠤᠨ ᠲᠠᠷᠢᠯᠭ᠎ᠠ ᠶᠢᠨ ᠠᠭᠤᠰᠤᠮᠠᠯ 100 ~ 150 ᠮᠢᠯᠢᠯᠢᠲᠷ᠃ ᠬᠡᠷᠡᠭᠯᠡᠬᠦ ᠠᠷᠭ᠎ᠠ᠄ 1 ᠣᠳᠠᠭ᠎ᠠ ᠳᠤ ᠨᠠᠮᠵᠢᠭᠤᠨ ᠰᠤᠳᠠᠯ ᠢᠶᠠᠷ ᠠᠭᠠᠵᠢᠮᠬᠠᠨ ᠲᠠᠷᠢᠨ᠎ᠠ᠂ ᠡᠳᠤᠷ ᠲᠤ 1 ᠤᠳᠠᠭ᠎ᠠ᠂ 2 ~ 5 ᠬᠤᠨᠤᠭ ᠦᠷᠬᠦᠯᠵᠢᠯᠡᠨ ᠬᠡᠷᠡᠭᠯᠡᠨ᠎ᠡ᠃         ⑶ ᠦᠪᠡᠷ ᠤᠨ ᠪᠡᠶ᠎ᠡ ᠶᠢᠨ ᠴᠢᠰᠤ ᠪᠠᠷ ᠵᠠᠰᠠᠬᠤ ᠠᠷᠭ᠎ᠠ᠄ ᠭᠡᠮᠨᠡᠭᠰᠡᠨ ᠦᠬᠡᠷ ᠤᠨ ᠨᠠᠮᠵᠢᠭᠤᠨ ᠰᠤᠳᠠᠯ  ᠠᠴᠠ 60 ᠮᠢᠯᠢᠯᠢᠲᠷ ᠴᠢᠰᠣ ᠠᠪᠤᠭᠠᠳ ᠬᠦᠵᠦᠭᠦᠨ ᠤ ᠬᠠᠵᠠᠭᠤ ᠲᠠᠯ᠎ᠠ ᠶᠢᠨ ᠠᠷᠠᠰᠣᠨ ᠲᠤᠳᠤᠷ᠎ᠠ ᠪᠤᠶᠤ ᠪᠤᠯᠴᠢᠩ  ᠳᠤ ᠪᠠᠷᠢᠨ ᠲᠠᠷᠢᠨ᠎ᠠ᠂ ᠡᠳᠣᠷ ᠲᠤ ᠨᠢᠭᠡ ᠤᠳᠠᠭ᠎ᠠ᠂ 3 ᠤᠳᠠᠭ᠎ᠠ ᠶᠢ 1 ᠡᠮᠴᠢᠯᠡᠭᠡᠨ ᠤ ᠬᠤᠭᠤᠴᠠᠭ᠎ᠠ ᠪᠤᠯᠭᠠᠨ᠎ᠠ᠂ ᠤᠳᠠᠭ᠎ᠠ ᠪᠦᠷᠢ ᠴᠢᠰᠤᠨ ᠤ ᠬᠡᠮᠵᠢᠶ᠎ᠡ ᠶᠢ 20 ᠮᠢᠯᠢᠯᠢᠲᠷ ᠨᠡᠮᠡᠭᠳᠡᠭᠦᠯᠦᠨ᠎ᠡ᠃         ⒋50 ᠭᠷᠠᠮ ᠪᠤᠷᠤ ᠮᠠᠭᠠᠵᠢ᠂ 50 ᠭᠷᠠᠮ ᠭᠠ᠂ 5 ᠰᠠᠭᠤᠷᠢ ᠰᠤᠩᠭᠢᠨ᠎ᠠ ᠶᠢᠨ ᠴᠠᠭᠠᠨ ᠢ ᠤᠰᠤᠨ ᠳᠤ ᠴᠢᠨᠠᠭᠠᠳ 1 ᠤᠳᠠᠭ᠎ᠠ ᠳᠤ ᠴᠢᠳᠬᠤᠵᠤ ᠦᠭᠭᠦᠨ᠎ᠡ᠃         ⒌50 ᠭᠷᠠᠮ ᠪᠤᠷᠤ ᠮᠠᠭᠠᠵᠢ ᠶᠢᠨ ᠡᠰᠢ ᠨᠠᠪᠴᠢ᠂ 45 ᠭᠷᠠᠮ ᠭᠠ ᠶᠢ ᠣᠰᠣᠨ ᠳᠤ ᠴᠢᠨᠠᠵᠤ 2 ᠠᠶᠠᠭ᠎ᠠ ᠰᠦᠮᠦᠰᠣ ᠠᠪᠤᠭᠠᠳ ᠪᠦᠯᠢᠶᠡᠨ ᠢᠶᠠᠷ ᠨᠢᠭᠡ ᠤᠳᠠᠭ᠎ᠠ ᠳᠤ ᠴᠢᠳᠬᠤᠵᠣ ᠦᠭᠭᠦᠨ᠎ᠡ᠃         ⒍50 ᠭᠷᠠᠮ ᠵᠡᠭᠡᠷᠭᠡᠨ᠎ᠡ᠂ 100 ᠭᠷᠠᠮ ᠨᠤᠭᠤᠭᠠᠨ ᠪᠤᠷᠴᠠᠭ ᠢ ᠤᠰᠤᠨ ᠳᠤ ᠴᠢᠨᠠᠭᠠᠳ1000 ᠮᠢᠯᠢᠯᠢᠲᠷ ᠰᠦᠮᠦᠰᠤ ᠠᠪᠴᠤ ᠬᠦᠷᠦᠭᠡᠭᠰᠡᠨ ᠬᠤᠶᠢᠨ᠎ᠠ 1 ᠤᠳᠠᠭ᠎ᠠ ᠳᠤ ᠴᠢᠳᠬᠤᠵᠤ ᠦᠭᠭᠦᠨ᠎ᠡ᠃         ⒎2 ᠬᠦᠯᠳᠡᠬᠦᠦ ᠠᠯᠢᠮ᠎ᠠ᠂ 1 ᠠᠳᠬᠤ ᠭᠠ᠂ 1 ᠠᠳᠬᠤ ᠭᠦᠢᠯᠡᠰᠣᠨ ᠴᠦᠮ᠎ᠡ ᠶᠢ ᠤᠰᠤᠨ ᠳᠤ ᠴᠢᠨᠠᠵᠤ 4 ᠠᠶᠠᠭ᠎ᠠ ᠰᠦᠮᠦᠰᠤ ᠠᠪᠤᠨ᠎ᠠ᠂ ᠲᠡᠭᠡᠷ᠎ᠡ ᠨᠢ 1 ᠰᠢᠨᠠᠭ᠎ᠠ ᠪᠠᠯ ᠨᠡᠮᠡᠵᠤ ᠬᠤᠳᠬᠤᠭᠠᠨᠳ 1 ᠤᠳᠠᠭ᠎ᠠ ᠳᠤ ᠴᠢᠳᠬᠤᠵᠤ ᠦᠭᠭᠦᠨ᠎ᠡ᠃         ⒏10 ᠠᠳᠬᠤ ᠴᠠᠭᠠᠨ ᠨᠤᠭᠤᠭᠠᠨ ᠤ ᠦᠨᠳᠤᠰᠣ᠂ 5 ᠯᠤᠤᠪᠠᠩ᠂ 5 ᠠᠳᠬᠤ ᠰᠤᠩᠬᠢᠨ᠎ᠠ ᠶᠢᠨ ᠴᠠᠭᠠᠨ ᠢ ᠴᠢᠨᠠᠭᠠᠳ 5 ᠠᠶᠠᠭ᠎ᠠ ᠰᠦᠮᠦᠰᠤ ᠠᠪᠤᠨ᠎ᠠ᠂ ᠲᠡᠭᠡᠭᠡᠳ 1 ᠠᠳᠬᠤ ᠪᠤᠷᠠᠮ ᠬᠢᠵᠤ ᠠᠭᠤᠰᠬᠠᠭᠠᠳ 1 ᠤᠳᠠᠭ᠎ᠠ ᠳᠤ ᠴᠢᠳᠬᠤᠵᠤ ᠦᠭᠭᠦᠨ᠎ᠡ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号