| | ᠬᠦᠨᠤᠭᠡᠯᠳᠣ ᠰᠢᠪᠠᠵᠢ ᠪᠦᠷᠢ ᠨᠢ ᠪᠦᠷ ᠨᠢᠭᠡ ᠵᠦᠢᠯ ᠪᠤᠶᠣ ᠬᠡᠳᠣᠨ ᠵᠦᠢᠯ ᠤᠨ ᠲᠠᠷᠤᠯᠭ᠎ᠠ ᠲᠠᠢ ᠪᠠᠶᠢᠵᠤ᠂ | ᠬᠦᠨᠤᠭᠡᠯᠳᠣ ᠰᠢᠪᠠᠵᠢ ᠶᠢᠨ ᠶᠡᠭᠡ ᠬᠡᠮᠵᠢᠶ᠎ᠡ ᠪᠠᠷ ᠦᠷᠡᠵᠢᠬᠦ ᠶᠢ ᠪᠦᠳᠣᠮᠵᠢᠲᠡᠢ ᠬᠤᠷᠢᠭᠠᠳᠠᠭ᠃ ᠤᠳᠤᠬᠠᠨ ᠳᠤ | ᠠᠮᠢᠳᠣ ᠪᠤᠳᠠᠰ ᠢᠶᠠᠷ ᠰᠡᠷᠭᠡᠶᠢᠯᠡᠨ ᠵᠠᠰᠠᠬᠤ ᠶᠢᠨ ᠠᠮᠢᠳᠣ ᠪᠤᠳᠠᠰ ᠢ ᠲᠡᠭᠦᠨ ᠤ ᠰᠢᠪᠠᠵᠢ ᠤᠰᠠᠳᠬᠠᠬᠤ ᠠᠷᠭ᠎ᠠ ᠮᠠᠶ᠋ᠢᠭ | ᠢᠶᠠᠷ ᠨᠢ ᠭᠤᠷᠪᠠᠨ ᠲᠦᠷᠦᠯ ᠳᠤ ᠬᠤᠪᠢᠶᠠᠳᠠᠭ᠃ | ⒈ᠢᠳᠡᠰᠢᠯᠡᠬᠦ ᠴᠢᠨᠠᠷᠲᠠᠢ ᠠᠮᠢᠳᠣ ᠪᠤᠳᠠᠰ᠂ ᠡᠭᠦᠨ ᠳᠤ ᠲᠠᠯ᠎ᠠ ᠶᠢᠨ ᠦᠷᠦᠮ᠎ᠡ ᠬᠤᠯᠠᠭᠠᠶᠢᠴᠢ᠂ ᠰᠢᠭᠦᠷ | ᠬᠤᠷᠤᠬᠠᠢ᠂ ᠠᠭᠠᠯᠵᠢ᠂ ᠮᠡᠯᠡᠬᠡᠢ᠂ ᠪᠠᠬ᠎ᠠ ᠵᠢᠴᠢ ᠮᠠᠰᠢ ᠤᠯᠠᠨ ᠰᠢᠪᠠᠵᠢ ᠢᠳᠡᠳᠡᠭ ᠠᠰᠢᠭᠳᠣ ᠰᠢᠪᠠᠭᠤ ᠪᠠᠭᠳᠠᠨ᠎ᠠ᠃ | ⒉ ᠬᠤᠪᠢᠯᠵᠠᠨ ᠠᠮᠢᠳᠤᠷᠠᠬᠤ ᠴᠢᠨᠠᠷᠲᠠᠢ ᠠᠮᠢᠳᠣ ᠪᠤᠳᠠᠰ᠂ ᠡᠭᠦᠨ ᠳᠤ ᠬᠤᠪᠢᠯᠵᠠᠨ ᠵᠦᠭᠡᠢ ᠂ | ᠬᠤᠪᠢᠯᠵᠠᠨ ᠢᠯᠠᠭ᠎ᠠ ᠵᠡᠷᠭᠡ ᠪᠠᠭᠲᠠᠨ᠎ᠠ᠂ | ⒊ ᠡᠪᠡᠳᠴᠢᠨ ᠡᠭᠦᠰᠭᠡᠭᠴᠢ ᠮᠢᠺᠷᠤᠪ᠂ ᠡᠭᠦᠨ ᠳᠤ ᠴᠦᠷᠢᠩ ᠤᠨ ᠰᠠᠪᠬᠠᠨ ᠪᠠᠺᠲ᠋ᠧᠷᠢ᠂ ᠴᠠᠭᠠᠨ | ᠬᠦᠰᠢᠭᠡᠭᠴᠢ ᠬᠦᠭᠡᠴᠤ ᠵᠡᠷᠭᠡ ᠪᠠᠭᠲᠠᠨ᠎ᠠ᠃ ᠮᠠᠨ ᠤ ᠤᠯᠤᠰ ᠲᠤ ᠤᠯᠠᠭᠠᠨ ᠰᠢᠭᠦᠷ ᠬᠤᠷᠤᠬᠠᠢ ᠶᠢ ᠠᠰᠢᠭᠯᠠᠨ | ᠵᠦᠷᠵᠢ ᠶᠢᠨ ᠬᠦᠨᠤᠭᠡᠯᠳᠣ ᠰᠢᠪᠠᠵᠢ ᠶᠢ ᠰᠡᠷᠭᠡᠶᠢᠯᠡᠨ ᠵᠠᠰᠠᠵᠤ᠂ ᠴᠠᠭᠠᠨ ᠬᠦᠰᠢᠭᠡᠭᠴᠢ ᠬᠦᠭᠡᠴᠤ ᠶᠢ ᠠᠰᠢᠭᠯᠠᠨ | ᠪᠤᠷᠴᠠᠭ ᠤᠨ ᠪᠤᠷᠭᠤᠢ ᠬᠤᠷᠤᠬᠠᠢ ᠪᠠ ᠡᠷᠳᠡᠨᠢ ᠰᠢᠰᠢ ᠶᠢᠨ ᠮᠢᠩ ᠡᠷᠪᠡᠬᠡᠢ ᠶᠢ ᠰᠡᠷᠭᠡᠶᠢᠯᠡᠨ ᠵᠠᠰᠠᠵᠤ᠂ ᠰᠢᠷ᠎ᠠ ᠵᠢᠵᠢᠭ | ᠵᠦᠭᠡᠢ ᠶᠢ ᠠᠰᠢᠭᠯᠠᠨ ᠨᠢᠰᠢᠩᠬᠦ ᠶᠢᠨ ᠮᠢᠩ ᠡᠷᠪᠡᠬᠡᠢ ᠵᠡᠷᠭᠡ ᠶᠢ ᠰᠡᠷᠭᠡᠶᠢᠯᠡᠨ ᠵᠠᠰᠠᠭᠠᠨᠳ ᠠᠮᠵᠢᠯᠲᠠ ᠤᠯᠤᠭᠰᠠᠨ | ᠪᠠᠶᠢᠨ᠎ᠠ᠃ |