| | ᠲᠡᠮᠡᠭᠡᠨ ᠤ ᠵᠤᠬᠢᠰᠳᠠᠬᠤ ᠡᠪᠡᠳᠴᠢᠨ | ᠲᠡᠮᠡᠬᠡᠨ ᠤ ᠬᠡᠯᠡ ᠪᠠ ᠬᠡᠯᠡᠨ ᠤ ᠤᠭ ᠲᠤ ᠳᠦᠭᠦᠷᠡᠩ ᠵᠢᠵᠢᠭ ᠵᠢᠵᠢᠭ ᠵᠡᠰ ᠵᠤᠭᠤᠰᠤᠨ ᠬᠡᠯᠪᠡᠷᠢᠲᠠᠢ ᠶᠠᠷ᠎ᠠ | ᠭᠠᠷᠳᠠᠭ᠃ ᠡᠨᠡ ᠡᠪᠡᠳᠴᠢᠨ ᠭᠤᠤᠯ ᠨᠢ ᠬᠠᠪᠤᠷ ᠨᠠᠮᠤᠷ ᠤᠨ ᠤᠯᠠᠷᠢᠯ ᠳᠤ ᠲᠤᠷᠠᠩᠬᠠᠢ ᠲᠠᠮᠡᠭᠡ ᠪᠤᠶᠤ ᠲᠤᠳᠤᠷ | ᠬᠠᠯᠠᠭᠤ ᠲᠠᠢ ᠲᠠᠮᠠᠭᠡᠨ ᠳᠤ ᠭᠠᠷᠳᠠᠭ᠃ ᠡᠪᠡᠳᠴᠢᠨ ᠨᠢ ᠬᠦᠨᠳᠦᠷᠠᠪᠡᠯ᠂ ᠡᠪᠡᠰᠦ ᠢᠳᠡᠵᠦ ᠤᠰᠤ ᠤᠤᠭᠤᠵᠤ | ᠴᠢᠳᠠᠬᠤ ᠦᠭᠡᠢ᠂ ᠠᠮᠠ ᠪᠠᠨ ᠦᠷᠭᠦᠯᠵᠢ ᠠᠩᠭᠠᠶᠢᠯᠭᠠᠬᠤ ᠪᠦᠭᠡᠳ ᠠᠮᠠᠨ ᠠᠴᠠ ᠪᠠᠨ ᠴᠠᠭᠠᠨ ᠭᠦᠭᠡᠰᠦ ᠲᠠᠢ | ᠰᠢᠯᠦᠰᠦ ᠭᠤᠭᠤᠵᠢᠭᠤᠯᠳᠠᠭ᠃ | ᠵᠠᠰᠠᠬᠤ ᠠᠷᠭ᠎ᠠ᠄ ᠲᠡᠮᠡᠭᠡᠨ ᠤ ᠬᠡᠯᠡ ᠶᠢ ᠠᠮᠠᠨ ᠭᠦᠨᠳᠡᠢ ᠠᠴᠠ ᠨᠢ ᠲᠠᠲᠠᠨ ᠭᠠᠷᠭᠠᠵᠤ ᠳᠤᠭᠤᠢ ᠳᠤᠭᠤᠢ | ᠶᠠᠷ᠎ᠠ ᠲᠠᠢ ᠭᠡᠰᠡᠭ ᠢ ᠨᠢ ᠤᠬᠢᠶᠠᠨ ᠴᠡᠪᠡᠷᠯᠡᠭᠰᠡᠨ ᠤ ᠳᠠᠷᠠᠭ᠎ᠠ᠂ ᠪᠦᠳᠦᠭᠦᠨ ᠢᠮᠠᠭᠠᠨ ᠤ ᠡᠪᠡᠷ ᠤᠨ ᠤᠭ ᠤᠨ | ᠲᠠᠯ᠎ᠠ ᠪᠠᠷ ᠨᠢ ᠶᠠᠷ᠎ᠠ ᠲᠠᠢ ᠭᠠᠵᠠᠷ ᠢ ᠰᠠᠶᠢᠳᠤᠷ ᠬᠤᠰᠤᠭᠰᠠᠨ ᠤ ᠳᠠᠷᠠᠭ᠎ᠠ᠂ ᠪᠦᠭᠦᠯᠢ ᠳᠠᠪᠣᠰᠤ ᠶᠢ ᠬᠤᠶᠠᠷ ᠭᠤᠷᠪᠠᠨ | ᠠᠳᠬᠤ ᠬᠢᠵᠤ ᠦᠭᠭᠦᠨ᠎ᠠ᠃ ᠡᠭᠦᠨ ᠤ ᠳᠠᠷᠠᠭ᠎ᠠ ᠬᠠᠯᠠᠭᠤ ᠶᠢ ᠳᠠᠷᠤᠬᠤ ᠡᠮ ᠢ ᠦᠭᠭᠦᠨ᠎ᠠ᠂ ᠴᠠᠭᠠᠨ ᠰᠢᠭᠢᠷ ᠬᠠᠭᠠᠰ | ᠵᠢᠩ᠂ ᠰᠢᠷ᠎ᠠ ᠮᠤᠳᠤ 3 ᠯᠠᠩ ᠢ ᠤᠰᠤᠨ ᠳᠤ ᠬᠤᠯᠢᠵᠤ ᠴᠢᠳᠬᠤᠨ᠎ᠠ᠃ ᠪᠠᠰᠠ ᠬᠠᠭᠠᠰ ᠤᠭᠤᠲᠠ | ᠰᠢᠩᠭᠡᠭᠡᠯᠲᠡ ᠶᠢᠨ ᠵᠢᠶᠠᠨ ᠸᠧᠢ ᠰᠠᠨ ︵健 胃散︶ ᠡᠪᠡᠰᠤᠨ ᠡᠮ ᠢ ᠤᠰᠤᠨ ᠳᠤ ᠬᠤᠯᠢᠵᠤ ᠴᠢᠳᠬᠤᠨ᠎ᠠ᠃ | | |