ᠣᠰᠣᠨ ᠲᠣᠳᠣᠷᠭ᠎ᠠ ᠶᠢᠨ ᠴᠢᠬᠢ ᠲᠠᠷᠢᠶᠠᠨ ᠳᠤ ᠪᠣᠷᠳᠣᠭᠤᠷ ᠣᠷᠣᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2022/6/2
    ᠴᠢᠬᠢ ᠲᠠᠷᠢᠶᠠᠨ ᠳᠤ ᠵᠣᠬᠢᠰᠳᠡᠢ ᠪᠣᠷᠳᠣᠭᠤᠷ ᠣᠷᠣᠭᠤᠯᠬᠤ ᠪᠣᠯ ᠲᠣᠷᠪᠢ ᠴᠢᠬᠢ ᠶᠢ ᠪᠣᠶᠢᠵᠢᠭᠤᠯᠬᠤ ᠵᠠᠩᠬᠢᠯᠠᠭ᠎ᠠ ᠶᠢᠨ ᠴᠢᠨᠠᠷ ᠲᠠᠢ ᠠᠯᠬᠤᠮ ᠤᠨ ᠨᠢᠭᠡ ᠪᠣᠯᠣᠨ᠎ᠠ᠃ ᠡᠷᠳᠡ᠂ ᠲᠣᠮᠳᠡ᠂ ᠣᠷᠣᠢ ᠲᠠᠷᠢᠬᠤ ᠲᠣᠳᠣᠷᠭ᠎ᠠ  ᠶᠢᠨ ᠠᠳᠡᠯᠢ ᠪᠣᠰᠣ ᠬᠡᠯᠪᠡᠷᠢ᠂ ᠦᠰᠣᠯᠳᠡ ᠪᠣᠶᠢᠵᠢᠯᠳᠡ ᠶᠢᠨ ᠣᠨᠴᠠᠯᠢᠭ ᠪᠠ ᠪᠠᠶᠢᠭᠠᠯᠢ ᠣᠷᠴᠢᠨ ᠠᠴᠠ ᠪᠣᠯᠵᠣ ᠴᠢᠬᠢ ᠪᠣᠶᠢᠵᠢᠭᠤᠯᠬᠤ ᠮᠡᠷᠭᠡᠵᠢᠯ ᠬᠡᠳᠣᠶᠢᠪᠡᠷ ᠠᠳᠡᠯᠢ ᠪᠣᠰᠣ ᠪᠣᠯᠪᠠᠴᠣ ᠡᠯ᠎ᠠ ᠬᠡᠯᠪᠡᠷᠢ ᠶᠢᠨ ᠣᠰᠣᠨ ᠲᠣᠳᠣᠷᠭ᠎ᠠ ᠶᠢᠨ ᠲᠣᠷᠪᠢ ᠴᠢᠬᠢ ᠪᠣᠶᠢᠵᠢᠭᠤᠯᠬᠤ ᠱᠠᠭᠠᠷᠳᠡᠯᠭ᠎ᠠ ᠨᠢ ᠬᠠᠷᠢᠨ ᠠᠳᠡᠯᠢ ᠶᠣᠮ᠃ ᠡᠬᠦᠨ ᠳᠤ ᠴᠢᠬᠢ ᠲᠠᠷᠢᠶᠠᠨ ᠳᠤ ᠪᠣᠷᠳᠣᠭᠤᠷ ᠣᠷᠣᠭᠤᠯᠬᠤ ᠮᠡᠷᠭᠡᠵᠢᠯ ᠢ ᠡᠵᠡᠮᠰᠢᠬᠦ ᠪᠣᠯ ᠨᠢᠭᠡᠨ ᠴᠢᠬᠤᠯᠡ ᠵᠠᠩᠬᠢᠯᠠᠭ᠎ᠠ ᠪᠣᠯᠣᠨ᠎ᠠ᠃     ᠡᠷᠳᠡ ᠪᠡ ᠲᠣᠮᠳᠡ ᠬᠤᠭᠤᠴᠠᠭᠠᠨ ᠳᠤ ᠲᠠᠷᠢᠬᠤ ᠲᠣᠳᠣᠷᠭ᠎ᠠ ᠶᠢᠨ ᠴᠢᠬᠢ ᠲᠠᠷᠢᠶᠠᠨ ᠳᠤ ᠪᠣᠷᠳᠣᠭᠤᠷ ᠣᠷᠣᠭᠤᠯᠬᠤ ᠮᠡᠷᠭᠡᠵᠢᠯ ᠬᠤᠣᠰ ᠣᠯᠠᠷᠢᠯ ᠤᠨ ᠡᠷᠳᠡ ᠶᠢᠨ ᠲᠣᠳᠣᠷᠭ᠎ᠠ ᠶᠢᠨ ᠴᠢᠬᠢᠨ ᠤ ᠦᠰᠣᠯᠳᠡ ᠶᠢᠨ ᠬᠤᠭᠤᠴᠠᠭ᠎ᠠ ᠨᠢ 28 — 30 ᠬᠤᠨᠤᠭ᠂ ᠲᠣᠮᠳᠡ ᠬᠤᠭᠤᠴᠠᠭᠠᠨ ᠳᠤ ᠲᠠᠷᠢᠬᠤ ᠲᠣᠳᠣᠷᠭ᠎ᠠ ᠶᠢᠨ ᠴᠢᠬᠢᠨ ᠤ ᠦᠰᠣᠯᠳᠡ ᠶᠢᠨ ᠬᠤᠭᠤᠴᠠᠭ᠎ᠠ ᠨᠢ 30 ᠭᠠᠷᠣᠢ ᠬᠤᠨᠤᠭ ᠶᠣᠮ᠃ ᠡᠷᠳᠡ ᠶᠢᠨ ᠲᠣᠳᠣᠷᠭ᠎ᠠ ᠪᠡ ᠲᠣᠮᠳᠡ ᠲᠣᠳᠣᠷᠭ᠎ᠠ ᠬᠤᠭᠤᠴᠠᠭᠠᠨ ᠳᠤ ᠲᠠᠷᠢᠬᠤ ᠲᠣᠳᠣᠷᠭ᠎ᠠ ᠶᠢᠨ ᠴᠢᠬᠢᠨ ᠤ ᠦᠰᠣᠯᠳᠡ ᠶᠢᠨ ᠬᠤᠭᠤᠴᠠᠭ᠎ᠠ ᠣᠬᠤᠷ ᠲᠣᠯᠨ ᠴᠢᠬᠢᠨ ᠪᠣᠳᠡ ᠶᠢᠨ ᠦᠰᠣᠯᠳᠡ ᠬᠤᠷᠳᠣᠨ ᠪᠦᠭᠡᠳ ᠢᠳᠡᠷᠡᠬᠦᠨ ᠪᠠᠶᠢᠬᠤ ᠶᠢ ᠱᠠᠭᠠᠷᠳᠡᠨ᠎ᠠ᠃ ᠬᠡᠳᠡᠯ᠎ᠠ ᠴᠢᠬᠢ ᠪᠣᠶᠢᠵᠢᠭᠤᠯᠬᠤ ᠣᠯᠠᠷᠢᠯ ᠨᠢ ᠶᠠᠭ ᠰᠠᠶᠢᠬᠠᠨ ᠲᠣᠯᠠᠭᠠᠨ ᠤ ᠬᠡᠮᠵᠢᠶ᠎ᠠ ᠲᠣᠣᠷ᠎ᠡ ᠦᠶ᠎ᠠ ᠲᠣᠬᠢᠶᠠᠯᠳᠣᠬᠤ ᠲᠣᠯᠨ ᠬᠦᠷᠣᠰᠣᠨ ᠤ ᠰᠢᠮ᠎ᠠ ᠲᠡᠵᠢᠭᠡᠯ ᠢᠯᠭᠠᠷᠡᠭᠤᠯᠬᠤ ᠪᠠ ᠪᠣᠷᠳᠣᠭᠤᠷ ᠤᠨ ᠵᠠᠳᠡᠷᠡᠯᠳᠡ ᠣᠳᠡᠭᠠᠨ᠂ ᠡᠶᠢᠮᠣ ᠠᠴᠠ ᠲᠦᠷᠭᠡᠨ ᠣᠶᠢᠯᠡᠳᠣᠯᠳᠣ ᠰᠢᠯᠢᠳᠡᠭ ᠪᠣᠷᠳᠣᠭᠤᠷ ᠣᠷᠣᠭᠤᠯᠬᠤ ᠭᠡᠷᠡᠭᠳᠡᠢ᠃     ᠣᠰᠣᠨ ᠲᠣᠳᠣᠷᠭ᠎ᠠ ᠶᠢᠨ ᠴᠢᠬᠢ ᠲᠠᠷᠢᠶᠠᠨ ᠤ ᠭᠡᠷᠡᠭᠰᠡᠬᠦ ᠰᠢᠮ᠎ᠠ ᠲᠡᠵᠢᠭᠡᠯ ᠳᠤ ᠠᠽᠣᠲ ᠤᠨ ᠭᠡᠷᠡᠭᠯᠡᠯᠳᠡ ᠬᠠᠮᠤᠭ ᠠᠷᠪᠢᠨ᠂ ᠲᠠᠷᠡᠭᠠᠯᠠᠪᠡᠯ ᠹᠣᠰᠹᠣᠷ᠂ ᠺᠡᠯᠢ ᠪᠣᠯᠣᠨ᠎ᠠ᠃ ᠡᠶᠢᠮᠣ ᠠᠴᠠ ᠲᠠᠩ ᠭᠠᠭᠴᠠᠨ ᠣᠷᠭᠠᠨᠢᠭ ᠪᠣᠷᠳᠣᠭᠤᠷ  ᠲᠤ ᠲᠦᠰᠢᠭᠯᠡᠪᠡᠯ ᠬᠡᠮᠵᠢᠶ᠎ᠠ ᠪᠡ ᠬᠤᠭᠤᠴᠠᠭᠠᠨ ᠤ ᠲᠠᠯ᠎ᠠ ᠪᠠᠷ ᠴᠢᠬᠢ ᠲᠠᠷᠢᠶᠠᠨ ᠤ ᠦᠰᠣᠯᠳᠡ ᠶᠢᠨ ᠱᠠᠭᠠᠷᠳᠡᠯᠭ᠎ᠠ ᠶᠢ ᠬᠠᠩᠭᠠᠵᠣ ᠴᠢᠳᠡᠬᠤ ᠦᠭᠡᠢ ᠪᠣᠯᠬᠤᠷ ᠡᠷᠭᠡᠪᠰᠢ ᠲᠣᠬᠢᠷᠡᠮᠵᠢᠳᠡᠢ ᠬᠤᠭᠤᠴᠠᠭᠠᠨ ᠳᠤ ᠲᠣᠬᠢᠷᠡᠮᠵᠢᠳᠡᠢ ᠬᠡᠮᠵᠢᠶ᠎ᠠ ᠪᠠᠷ ᠠᠽᠣᠲ  ᠂ ᠹᠣᠰᠹᠣᠷ᠂ ᠺᠡᠯᠢ ᠶᠢᠨ ᠬᠢᠮᠢ ᠶᠢᠨ ᠪᠣᠷᠳᠣᠭᠤᠷ ᠣᠷᠣᠭᠤᠯᠬᠤ ᠭᠡᠷᠡᠭᠳᠡᠢ᠃ ᠴᠢᠬᠢ ᠲᠠᠷᠢᠶᠠᠨ ᠤ ᠬᠤᠭᠤᠴᠠᠭᠠᠨ ᠳᠤ ᠹᠣᠰᠹᠣᠷ ᠤᠨ ᠰᠢᠩᠭᠡᠭᠡᠯᠳᠡ ᠶᠢᠨ ᠶᠠᠷᠣᠩᠭᠡᠢ ᠬᠡᠮᠵᠢᠶ᠎ᠠ ᠲᠣᠩ ᠪᠠᠭ᠎ᠠ ᠪᠣᠯᠪᠠᠴᠣ ᠹᠣᠰᠹᠣᠷ ᠨᠢ ᠡᠰ  ᠤᠨ ᠦᠷᠡᠵᠢᠯᠳᠡ ᠪᠡ ᠰᠢᠨ᠎ᠠ ᠦᠨᠳᠣᠰᠣ ᠶᠢᠨ ᠪᠣᠶᠢᠵᠢᠯᠳᠡ ᠳᠤ ᠲᠣᠶᠢᠯ ᠤᠨ ᠴᠢᠬᠤᠯᠨ ᠣᠶᠢᠯᠡᠳᠣᠯ ᠦᠵᠡᠬᠦᠯᠳᠡᠭ᠃ ᠣᠨᠴᠠᠭᠠᠶᠢᠯᠠᠨ ᠡᠷᠳᠡ ᠶᠢᠨ ᠲᠣᠳᠣᠷᠭ᠎ᠠ ᠪᠡ ᠲᠣᠮᠳᠡ ᠬᠤᠭᠤᠴᠠᠭᠠᠨ ᠳᠤ ᠲᠠᠷᠢᠬᠤ ᠲᠣᠳᠣᠷᠭ᠎ᠠ ᠶᠢᠨ ᠴᠢᠬᠢ ᠪᠣᠶᠢᠵᠢᠭᠤᠯᠬᠤ ᠣᠯᠡᠷᠢᠯ ᠳᠤ ᠴᠢᠬᠢ ᠲᠠᠷᠢᠶᠠᠨ ᠤ ᠣᠰᠣᠨ ᠳᠤ ᠲᠠᠪᠳᠡᠬᠦ ᠬᠤᠭᠤᠴᠠᠭ᠎ᠠ ᠣᠬᠤᠷ᠂ ᠲᠣᠯᠠᠭᠠᠨ ᠤ ᠬᠡᠮᠵᠢᠶ᠎ᠠ ᠲᠣᠣᠷ᠎ᠡ᠂ ᠬᠦᠷᠣᠰᠣᠨ ᠳᠠᠬᠢ ᠠᠰᠢᠬᠳᠣ ᠹᠣᠰᠹᠣᠷ ᠤᠨ ᠠᠭᠤᠯᠣᠬᠳᠡᠴᠠ ᠲᠣᠣᠷ᠎ᠡ ᠲᠣᠯᠡ ᠲᠦᠷᠭᠡᠨ ᠣᠶᠢᠯᠡᠳᠣᠯᠳᠣ ᠪᠣᠷᠳᠣᠭᠤᠷ ᠭᠡᠷᠡᠭᠯᠡᠬᠦ ᠪᠣᠯ ᠲᠣᠷᠪᠢ ᠴᠬᠢ ᠪᠣᠶᠢᠵᠢᠭᠤᠯᠬᠤ ᠳᠤ ᠲᠣᠶᠢᠯ ᠤᠨ ᠴᠢᠬᠤᠯᠡ ᠶᠣᠮ᠃     ᠣᠷᠣᠢ ᠶᠢᠨ ᠲᠣᠳᠣᠷᠭ᠎ᠠ ᠳᠤ ᠠᠪᠴᠣ ᠬᠡᠯᠡᠪᠡᠯ᠂ ᠦᠷᠬᠦᠯᠵᠢᠯᠡᠨ ᠲᠠᠷᠢᠬᠤ ᠣᠷᠣᠢ ᠶᠢᠨ ᠲᠣᠳᠣᠷᠭ᠎ᠠ ᠪᠣᠶᠣ ᠲᠠᠩ ᠣᠯᠠᠷᠢᠯ ᠤᠨ ᠣᠷᠣᠢ ᠶᠢᠨ ᠲᠣᠳᠣᠷᠭ᠎ᠠ ᠶᠢᠨ ᠴᠢᠬᠢ ᠲᠠᠷᠢᠶᠠᠨ ᠳᠤ ᠪᠣᠷᠳᠣᠭᠤᠷ ᠣᠷᠣᠭᠤᠯᠬᠤ ᠮᠡᠷᠭᠡᠵᠢᠯ ᠨᠢ ᠡᠷᠳᠡ ᠶᠢᠨ ᠲᠣᠳᠣᠷᠭ᠎ᠠ ᠪᠡ ᠲᠣᠮᠳᠡ ᠬᠤᠭᠤᠴᠠᠭᠠᠨ ᠳᠤ ᠲᠠᠷᠢᠬᠤ ᠲᠣᠳᠣᠷᠭ᠎ᠠ ᠶᠢᠨ ᠬᠢ ᠠᠴᠠ ᠮᠠᠳᠡᠭᠳᠡᠮ᠎ᠠ ᠢᠯᠭᠠᠭ᠎ᠠ ᠲᠠᠢ ᠣᠴᠢᠷ ᠠᠴᠠ ᠴᠢᠬᠢ ᠪᠣᠶᠢᠵᠢᠭᠤᠯᠬᠤ ᠬᠤᠭᠤᠴᠠᠭᠠᠨ ᠳᠤ ᠠᠭᠠᠷ ᠤᠨ ᠲᠣᠯᠠᠭᠠᠨ ᠪᠠ ᠰᠢᠪᠡᠷ ᠤᠨ ᠲᠣᠯᠠᠭᠠᠨ ᠤ ᠬᠡᠮᠵᠢᠶ᠎ᠠ ᠨᠢ ᠨᠠᠯᠢᠶᠠᠳ ᠦᠨᠳᠣᠷ᠂ ᠬᠦᠷᠣᠰᠣᠨ ᠳᠠᠬᠢ ᠰᠢᠮ᠎ᠠ ᠲᠡᠵᠢᠭᠡᠯ ᠤᠨ ᠢᠯᠭᠠᠷᠡᠯᠳᠡ ᠪᠡ ᠪᠣᠷᠳᠣᠭᠤᠷ ᠤᠨ ᠵᠠᠳᠡᠷᠡᠯᠳᠡ ᠨᠢ ᠨᠠᠯᠢᠶᠠᠳ ᠬᠤᠷᠳᠣᠨ᠂ ᠴᠢᠬᠢ ᠶᠢᠨ ᠦᠰᠣᠯᠳᠡ ᠶᠢᠨ ᠬᠤᠭᠤᠴᠠᠭ᠎ᠠ ᠨᠠᠯᠢᠶᠠᠳ ᠣᠷᠳᠣ᠂ ᠶᠠᠷᠣ ᠳᠤ ᠪᠠᠨ 30 — 40 ᠬᠤᠨᠤᠭ ᠪᠠᠶᠢᠳᠠᠭ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号