ᠬᠠᠯᠳᠠᠪᠤᠷᠢᠲᠤ ᠡᠪᠡᠳᠴᠢᠨ ᠲᠠᠢ ᠮᠠᠯ ᠤᠨ ᠪᠡᠶ᠎ᠡ ᠴᠤᠭᠴᠠ ᠳᠤ ᠴᠢᠭᠯᠡᠬᠦᠯᠦᠭᠰᠡᠨ ᠡᠮᠴᠢᠯᠡᠭᠡ ᠶᠢᠨ ᠠᠷᠭ᠎ᠠ
ᠨᠡᠶᠢᠲᠡᠯᠡᠭᠰᠡᠨ ᠴᠠᠭ᠄
2022/6/17
   ︵ᠨᠢᠭᠡ︶ ᠠᠷᠠᠴᠢᠯᠠᠯᠲᠠ ᠶᠢ ᠴᠢᠩᠭᠠᠳᠬᠠᠬᠤ    ᠡᠨᠡ ᠨᠢ ᠡᠮᠴᠢᠯᠡᠭᠡ ᠶᠢᠨ ᠠᠵᠢᠯ ᠤᠨ ᠰᠠᠭᠤᠷᠢ ᠪᠤᠯᠤᠨ᠎ᠠ᠃ ᠬᠠᠯᠳᠠᠪᠤᠷᠢᠲᠤ ᠡᠪᠡᠳᠴᠢᠨ ᠲᠠᠢ ᠮᠠᠯ ᠢ ᠮᠠᠯ ᠤᠨ ᠬᠠᠰᠢᠶᠠᠨ ᠳᠤ ᠳᠤᠰᠠᠭᠠᠷᠯᠠᠵᠤ ᠡᠪᠤᠯ  ᠤᠨ ᠤᠯᠠᠷᠢᠯ ᠳᠤ ᠬᠦᠢᠲᠡᠨ ᠠᠴᠠ ᠰᠡᠷᠬᠡᠶᠢᠯᠡᠨ ᠳᠤᠯᠠᠭᠠᠯᠠᠬᠤ᠂ ᠵᠤᠨ ᠤ ᠤᠯᠠᠷᠢᠯ ᠳᠤ ᠬᠠᠯᠠᠭᠤᠨ ᠠᠴᠠ ᠰᠡᠷᠭᠡᠶᠢᠯᠡᠨ ᠰᠡᠷᠢᠬᠦᠴᠡᠬᠦᠯᠬᠦ ᠶᠢᠨ ᠬᠠᠮᠲᠤ ᠰᠢᠩᠭᠡᠭᠡᠯᠲᠡ ᠰᠠᠶᠢᠲᠠᠢ ᠪᠤᠷᠳᠤᠭᠠᠨ ᠤ ᠵᠦᠢᠯ ᠢ ᠬᠦᠢᠴᠡᠳ ᠬᠠᠩᠭᠠᠵᠤ᠂ ᠡᠪᠡᠳᠴᠢᠨ ᠲᠠᠢ ᠮᠠᠯ ᠢ ᠭᠡᠷᠡᠯ᠂ ᠰᠠᠯᠬᠢ ᠨᠡᠪᠲᠡᠷᠡᠯᠲᠡ ᠰᠠᠶᠢᠲᠠᠢ᠂ ᠴᠡᠪᠡᠷ ᠬᠠᠭᠤᠷᠠᠢ ᠤᠷᠴᠢᠨ ᠳᠤ ᠡᠮᠴᠢᠯᠡᠬᠦ ᠬᠡᠷᠡᠭᠲᠠᠢ᠃ ᠴᠢᠬᠤᠯᠠ ᠲᠠᠢ ᠦᠶ᠎ᠡ ᠳᠤ ᠬᠦᠮᠦᠨ ᠤ ᠬᠦᠴᠦ ᠪᠠᠷ ᠤᠤᠭᠤᠯᠭᠠᠨ᠎ᠠ᠂ ᠡᠪᠡᠳᠴᠢᠨ ᠢ ᠨᠢ ᠦᠨᠳᠦᠰᠦᠯᠡᠨ ᠦᠵᠦᠮ ᠤᠨ ᠰᠢᠬᠢᠷ᠂ ᠸᠢᠲ᠋ᠠᠮᠢᠨ ᠪᠠ ᠪᠤᠰᠤᠳ ᠰᠢᠮ᠎ᠡ ᠲᠡᠵᠢᠭᠡᠯ ᠦᠭᠬᠦᠨ᠎ᠡ᠃    ︵ᠬᠤᠶᠠᠷ︶ ᠰᠢᠨᠵᠢ ᠲᠡᠮᠲᠡᠭ ᠤᠨ ᠡᠮᠴᠢᠯᠡᠭᠡ    ᠬᠠᠯᠳᠠᠪᠤᠷᠢᠲᠤ ᠡᠪᠡᠳᠴᠢᠨ ᠢ ᠡᠮᠴᠢᠯᠡᠬᠦ ᠳᠤ ᠵᠠᠷᠢᠮ ᠬᠦᠨᠲᠤ ᠨᠤᠴᠢᠲᠠᠢ ᠰᠢᠨᠵᠢ ᠲᠡᠮᠳᠡᠭ ᠢ ᠨᠠᠮᠳᠠᠭᠤᠯᠬᠤ ᠪᠤᠶᠤ ᠠᠷᠢᠯᠭᠠᠵᠤ᠂ ᠪᠡᠶ᠎ᠡ ᠶᠢᠨ ᠹᠢᠽᠢᠣᠯᠣᠭᠢ  ᠶᠢᠨ ᠠᠵᠢᠯᠯᠠᠭ᠎ᠠ ᠶᠢ ᠳᠤᠬᠢᠷᠠᠭᠤᠯᠬᠤ ᠪᠠ ᠰᠡᠷᠭᠦᠬᠡᠬᠦ ᠶᠢᠨ ᠲᠦᠯᠦᠬᠡ ᠲᠤᠲᠤᠷ᠎ᠠ᠂ ᠭᠠᠳᠠᠷ ᠡᠮᠨᠡᠯᠭᠡ ᠶᠢᠨ ᠡᠮᠴᠢᠯᠡᠭᠡ ᠬᠢᠨ᠎ᠡ᠃ ᠵᠢᠱᠢᠶᠡᠯᠡᠪᠡᠯ᠂ ᠬᠠᠯᠠᠭᠤᠨ ᠢ ᠪᠠᠭᠤᠷᠠᠭᠤᠯᠬᠤ᠂ ᠡᠪᠡᠳᠬᠦ ᠶᠢ ᠵᠤᠭᠰᠤᠭᠠᠬᠤ᠂ ᠴᠢᠰᠤ ᠵᠤᠭᠰᠤᠭᠠᠬᠤ᠂ ᠠᠮᠤᠷᠵᠢᠭᠤᠯᠬᠤ᠂ ᠵᠢᠷᠦᠬᠡ ᠰᠠᠶᠢᠵᠢᠷᠠᠭᠤᠯᠬᠤ᠂ ᠰᠢᠬᠡᠯᠬᠡᠬᠦ᠂ ᠴᠢᠴᠠᠭ᠎ᠠ ᠠᠯᠳᠠᠬᠤ ᠶᠢ ᠵᠤᠭᠰᠤᠭᠠᠬᠤ᠂ ᠬᠦᠴᠢᠯ ᠱᠦᠯᠲᠤ ᠳᠤ ᠬᠤᠤᠷᠳᠠᠭᠳᠠᠬᠤ ᠶᠢ ᠰᠡᠷᠬᠡᠶᠢᠯᠡᠬᠦ᠂ ᠲᠦᠷᠬᠡᠨ ᠠᠪᠤᠷᠠᠯᠲᠠ ᠶᠢᠨ ᠮᠡᠰᠡ ᠵᠠᠰᠠᠯ᠂ ᠭᠡᠰᠡᠭ ᠭᠠᠵᠠᠷ ᠤᠨ ᠡᠮᠴᠢᠯᠡᠭᠡ ᠵᠡᠷᠭᠡ ᠪᠠᠭᠲᠠᠨ᠎ᠠ᠃    ︵ᠭᠤᠷᠪᠠ︶ ᠰᠦᠷᠦᠭ ᠤᠨ ᠡᠮᠴᠢᠯᠡᠭᠡ    ᠰᠦᠷᠦᠭ ᠲᠤ ᠡᠮ ᠦᠭᠬᠦ ᠠᠴᠠ ᠭᠠᠳᠠᠨ᠎ᠠ ᠪᠠᠰᠠ ᠸᠠᠺᠽᠢᠨ ᠪᠠ ᠴᠢᠰᠤᠨ ᠴᠠᠶᠢᠪᠠᠩ ᠤᠨ ᠲᠠᠷᠢᠯᠭ᠎ᠠ ᠲᠠᠷᠢᠨ᠎ᠠ᠃    ︽ᠮᠠᠯ ᠤᠨ ᠬᠠᠯᠳᠠᠪᠤᠷᠢᠲᠤ ᠡᠪᠡᠳᠴᠢᠨ ᠤ ᠤᠬᠠᠭᠠᠨ︾ ᠬᠡᠬᠦ ᠨᠤᠮ ᠠᠴᠠ ᠪᠠᠭᠤᠯᠭᠠᠪᠠ
 
ᠢᠷᠡᠯᠲᠡ᠄ ᠣᠷᠳᠣᠰ ᠬᠤᠳᠡ ᠶᠢᠨ ᠦᠣᠰᠢᠨ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号