ᠨᠠᠮᠤᠭ ᠤᠨ ᠬᠡᠢ ᠨᠢ ᠰᠢᠳᠠᠮᠠᠬᠠᠢ ᠬᠡᠢ ᠲᠠᠢ ᠠᠳᠠᠯᠢ ᠬᠢᠯᠪᠠᠷ ᠨᠤᠴᠤᠵᠤ᠂ ᠠᠮᠠᠷᠬᠠᠨ ᠳᠡᠯᠪᠡᠷᠡᠳᠡᠭ᠂ ᠡᠶᠢᠮᠥ ᠠᠴᠠ | ᠳᠡᠬᠦᠨ ᠤ ᠦᠪᠠᠷᠮᠢᠴᠡ ᠤᠨᠴᠠᠯᠢᠭ ᠢ ᠨᠢ ᠤᠢᠢᠯᠠᠭᠠᠵᠤ᠂ ᠠᠶᠤᠯ ᠦᠬᠡᠢ ᠬᠡᠷᠡᠭᠯᠡᠬᠦ ᠮᠡᠳᠡᠯᠭᠡ ᠪᠤᠯᠤᠨ ᠮᠡᠷᠭᠡᠵᠢᠯ ᠢ | ᠡᠵᠡᠮᠰᠢᠬᠦ ᠬᠡᠷᠡᠭᠳᠡᠢ᠃ | ᠨᠠᠮᠤᠭ ᠤᠨ ᠬᠡᠢ ᠶᠢᠨ ᠨᠠᠮᠤᠭ ᠤᠨ ᠰᠢᠭᠠᠷᠤ ᠭᠠᠷᠭᠠᠬᠤ ᠪᠠ ᠲᠦᠬᠦᠭᠡᠢ ᠮᠠᠲ᠋ᠧᠷᠢᠶᠠᠯ ᠤᠷᠤᠭᠤᠯᠬᠤ ᠠᠮᠠᠰᠠᠷ ᠲᠤ | ᠳᠠᠭᠯᠠᠭᠠ ᠳᠠᠭᠠᠷᠠᠭᠤᠯᠬᠤ ᠬᠡᠷᠡᠭᠳᠡᠢ᠂ ᠬᠦᠮᠥᠨ ᠮᠠᠯ ᠵᠤᠭᠤᠷᠢᠨ ᠳᠤ ᠤᠨᠠᠵᠤ ᠰᠢᠷᠬᠠᠳᠤᠯ ᠭᠠᠷᠬᠤ ᠠᠴᠠ ᠬᠢᠴᠢᠶᠡᠬᠦ | ᠬᠡᠷᠡᠭᠳᠡᠢ᠃ ᠵᠤᠭᠤᠷᠢᠨ ᠤ ᠬᠦᠪᠡᠭᠡ ᠵᠠᠬ᠎ᠠ᠂ ᠬᠡᠢ ᠳᠠᠮᠵᠢᠭᠤᠯᠬᠤ ᠬᠤᠭᠤᠯᠠᠢ ᠶᠢᠨ ᠵᠠᠮ ᠤᠨ ᠬᠠᠵᠠᠭᠤ ᠪᠠᠷ ᠭᠠᠯ | ᠨᠤᠴᠤᠭᠠᠬᠤ ᠦᠬᠡᠢ᠂ ᠳᠠᠮᠠᠬᠢ ᠳᠠᠳᠠᠬᠤ ᠦᠬᠡᠢ᠂ ᠬᠡᠥᠭᠡᠳ ᠢ ᠵᠤᠭᠤᠷᠢᠨ ᠤ ᠤᠢᠢᠷᠠᠯᠴᠠᠭ᠎ᠠ ᠭᠠᠯ ᠢᠶᠠᠷ ᠨᠠᠭᠠᠳᠬᠤ | ᠪᠤᠶᠤ ᠫᠤᠤᠵᠢᠩ ᠳᠠᠯᠪᠢᠵᠤ ᠪᠤᠯᠬᠤ ᠦᠬᠡᠢ᠃ ᠬᠡᠢ ᠳᠠᠮᠵᠢᠭᠤᠯᠬᠤ ᠰᠢᠰᠲ᠋ᠧᠮ ᠢ ᠪᠠᠨ ᠦᠷᠬᠦᠯᠵᠢ ᠪᠠᠶᠢᠴᠠᠭᠠᠵᠤ᠂ ᠬᠡᠢ | ᠭᠤᠭᠤᠵᠢᠵᠤ ᠭᠠᠯ ᠨᠤᠴᠤᠬᠤ ᠠᠴᠠ ᠰᠡᠷᠬᠡᠶᠢᠯᠡᠬᠦ ᠬᠡᠷᠡᠭᠳᠡᠢ᠃ ᠱᠤᠸᠠᠰᠠ ᠪᠠᠨ ᠰᠠᠪᠤᠩ ᠲᠠᠢ ᠤᠰᠥᠨ ᠳᠤ ᠲᠦᠷᠥᠵᠤ᠂ | ᠬᠤᠭᠤᠯᠠᠢ ᠶᠢ ᠪᠠᠶᠢᠴᠠᠭᠠᠬᠤ ᠬᠡᠷᠡᠭᠳᠡᠢ᠂ ᠬᠠᠷᠢᠨ ᠭᠠᠯ ᠢᠶᠠᠷ ᠪᠠᠶᠢᠴᠠᠭᠠᠵᠤ ᠪᠤᠯᠬᠤ ᠦᠬᠡᠢ᠃ ᠤᠰᠥ ᠳᠠᠯᠪᠢᠬᠤ | ᠨᠡᠭᠡᠭᠡᠯᠭᠡ ᠶᠢ ᠴᠠᠭ ᠲᠤᠬᠠᠢ ᠳᠤ ᠨᠢ ᠨᠡᠭᠡᠭᠡᠵᠤ᠂ ᠴᠠᠷᠴᠠᠭᠠᠬᠤ ᠤᠰᠥ ᠨᠢ ᠬᠤᠭᠤᠯᠠᠢ ᠶᠢ ᠪᠦᠭᠯᠡᠬᠦ ᠠᠴᠠ ᠰᠡᠷᠬᠡᠶᠢᠯᠡᠨ᠎ᠡ | ᠃ | ᠳᠠᠷᠤᠴᠠ ᠶᠢᠨ ᠬᠡᠮᠵᠢᠬᠦᠷ ᠢᠶᠠᠨ ᠦᠷᠬᠦᠯᠵᠢ ᠠᠩᠬᠠᠷᠥᠨ ᠪᠠᠶᠢᠴᠠᠭᠠᠬᠤ ᠬᠡᠷᠡᠭᠳᠡᠢ᠃ ᠳᠤᠯᠠᠭᠠᠨ ᠬᠦᠯᠡᠮᠵᠢ ᠪᠤᠶᠤ | ᠭᠡᠷ ᠳᠤᠳᠤᠷ᠎ᠠ ᠬᠡᠢ ᠳᠠᠯᠪᠢᠵᠤ ᠪᠤᠯᠬᠤ ᠦᠬᠡᠢ᠂ ᠳᠡᠯᠪᠡᠷᠡᠯᠳᠡ ᠡᠬᠦᠰᠬᠦ ᠶᠢ ᠰᠡᠷᠬᠡᠶᠢᠯᠡᠨ᠎ᠡ᠃ ᠬᠦᠬᠦᠷ | ᠦᠭᠡᠶᠢᠳᠡᠬᠦᠯᠥᠭᠴᠢ ᠳᠤᠳᠤᠷᠠᠬᠢ ᠬᠦᠬᠦᠷ ᠦᠬᠡᠶᠢᠳᠡᠬᠦᠯᠬᠦ ᠡᠳ᠋ ᠢ ᠴᠠᠭ ᠲᠤᠬᠠᠢ ᠳᠤ ᠨᠢ ᠰᠤᠯᠢᠬᠤ ᠬᠡᠷᠡᠭᠳᠡᠢ᠃ | ᠨᠠᠮᠤᠭ ᠤᠨ ᠬᠡᠢ ᠶᠢᠨ ᠵᠤᠭᠤᠷᠢ ᠬᠡᠪ ᠢᠶᠠᠷ ᠠᠵᠢᠯᠯᠠᠵᠤ ᠪᠠᠶᠢᠪᠠᠯ 4 ᠰᠠᠷ᠎ᠠ ᠠᠯᠤᠰᠯᠠᠬᠤ ᠪᠦᠷᠢ ᠬᠦᠬᠦᠷ | ᠦᠬᠡᠶᠢᠳᠡᠬᠦᠯᠥᠭᠴᠢ ᠶᠢ ᠨᠡᠭᠡᠭᠡᠵᠤ ᠬᠦᠬᠦᠷ ᠦᠬᠡᠶᠢᠳᠡᠬᠦᠯᠬᠦ ᠡᠳ᠋ ᠢ ᠳᠠᠬᠢᠨ ᠢᠳᠡᠪᠬᠢᠵᠢᠬᠦᠯᠥᠨᠡ᠃ ᠪᠤᠳᠠᠳᠥ | ᠠᠷᠭ᠎ᠠ ᠨᠢ ᠳᠠᠷᠤᠢ ᠬᠦᠬᠦᠷ ᠦᠬᠡᠶᠢᠳᠡᠬᠦᠯᠬᠦ ᠡᠳ᠋ ᠢᠶᠠᠨ ᠭᠠᠷᠭᠠᠵᠤ᠂ ᠭᠠᠳᠠᠷ ᠪᠦᠭᠯᠡᠭᠡ ᠶᠢ ᠨᠢ ᠨᠡᠭᠡᠭᠡᠵᠤ᠂ ᠬᠦᠬᠦᠷ | ᠦᠬᠡᠶᠢᠳᠡᠬᠦᠯᠬᠦ ᠡᠳ᠋ ᠢᠶᠠᠨ ᠲᠦᠷᠭᠡᠨ ᠱᠠᠭᠠᠵᠠᠩ ᠫᠸᠡᠭᠰᠡᠨ ᠳᠤ ᠴᠢᠳᠬᠤᠵᠤ᠂ ᠰᠡᠬᠦᠳᠡᠷ ᠭᠠᠵᠠᠷ 2 — 3 | ᠬᠤᠨᠤᠭ ᠬᠦᠷᠥᠭᠡᠭᠰᠡᠨ ᠤ ᠳᠠᠷᠠᠭ᠎ᠠ ᠮᠦᠬᠦᠯᠢᠭ ᠢ ᠨᠢ ᠬᠦᠬᠦᠷ ᠦᠬᠡᠶᠢᠳᠡᠬᠦᠯᠥᠭᠴᠢ ᠳᠤ ᠬᠢᠵᠤ ᠬᠡᠷᠡᠭᠯᠡᠨ᠎ᠡ᠃ ᠲᠤᠰ | ᠠᠩᠬᠢᠵᠢᠷᠠᠭᠤᠯᠬᠤ ᠶᠠᠪᠤᠴᠠ ᠪᠤᠯ ᠢᠯᠴᠢ ᠢᠯᠭᠠᠷᠠᠭᠤᠯᠬᠤ ᠶᠠᠪᠤᠴᠠ ᠮᠦᠨ᠂ ᠬᠦᠬᠦᠷ ᠦᠬᠡᠶᠢᠳᠡᠬᠦᠯᠬᠦ ᠡᠳ᠋ ᠢᠶᠠᠨ | ᠭᠠᠷᠭᠠᠨ ᠠᠪᠬᠤ ᠳᠤ ᠲᠦᠷᠭᠡᠨ ᠪᠠᠶᠢᠬᠤ ᠬᠡᠷᠡᠭᠳᠡᠢ᠂ ᠰᠠᠪᠠ ᠳᠤᠳᠤᠷ᠎ᠠ ᠨᠢ ᠠᠭᠠᠷ ᠨᠡᠪᠳᠡᠷᠡᠬᠦᠯᠥᠨ ᠢᠳᠡᠪᠬᠢᠵᠢᠬᠦᠯᠵᠤ | ᠪᠤᠯᠬᠤ ᠦᠬᠡᠢ᠂ ᠰᠠᠪᠠ ᠶᠢ ᠰᠢᠳᠠᠭᠠᠬᠤ ᠠᠴᠠ ᠰᠡᠷᠬᠡᠶᠢᠯᠡᠨ᠎ᠡ᠃ ᠵᠢᠯ ᠪᠦᠷᠢ ᠨᠢᠭᠡ ᠤᠳᠠᠭ᠎ᠠ ᠰᠢᠨ᠎ᠡ ᠬᠦᠬᠦᠷ | ᠦᠬᠡᠶᠢᠳᠡᠬᠦᠯᠬᠦ ᠡᠳ᠋ ᠰᠤᠯᠢᠵᠤ᠂ ᠬᠦᠬᠦᠷ ᠦᠬᠡᠶᠢᠳᠡᠬᠦᠯᠥᠭᠴᠢ ᠶᠢᠨ ᠬᠡᠪ ᠤᠨ ᠠᠵᠢᠯᠯᠠᠭ᠎ᠠ ᠶᠢ ᠪᠠᠳᠤᠯᠠᠬᠤ ᠬᠡᠷᠡᠭᠳᠡᠢ᠃ | ︵︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ︶ | |