ᠦᠳᠡᠰᠢ ᠶᠢᠨ ᠪᠦᠷᠦᠢ ᠪᠠᠷ ᠬᠦᠬᠡᠬᠤᠳᠠ ᠠᠴᠠ ᠬᠦᠭᠯᠡᠭᠰᠡᠨ ᠭᠠᠯᠳᠤ ᠠᠷᠪᠠᠭᠠᠳ ᠴᠠᠭ ᠬᠦᠷᠴᠢᠭᠢᠨᠡᠨ ᠪᠠᠶᠢᠵᠤ | ᠬᠤᠰᠢᠭᠤᠨ ᠲᠦᠪ ᠬᠦᠷᠬᠦ ᠳᠤ ᠬᠤᠶᠠᠳᠠᠬᠢ ᠡᠳᠦᠷ ᠤᠨ ᠬᠢᠨ ᠦᠷᠯᠦᠭᠡ ᠪᠤᠯᠵᠠᠢ᠃ | ᠬᠦᠰᠡᠵᠦ ᠮᠦᠷᠦᠭᠡᠳᠦᠭᠰᠡᠨ ᠬᠡᠨ ᠨᠢᠭᠡᠨ ᠲᠠᠢ ᠪᠠᠨ ᠬᠤᠷᠳᠤᠬᠠᠨ ᠤᠴᠠᠷᠠᠬᠤ ᠶᠢ ᠶᠠᠭᠠᠷᠠᠵᠤ᠂ ᠬᠦᠭᠰᠡᠭᠰᠡᠨ | ᠰᠡᠳᠬᠢᠯ ᠢᠶᠠᠨ ᠳᠠᠷᠤᠵᠤ ᠶᠠᠳᠠᠨ ᠦᠷᠳᠡᠭᠡᠨ ᠤ ᠭᠠᠷᠤᠴᠠ ᠵᠦᠭ ᠪᠠᠶᠢᠨ ᠳᠠᠬᠢᠨ ᠬᠦᠵᠦᠭᠦᠦ ᠰᠤᠩᠭᠠᠬᠤ ᠳᠤ ᠤᠯᠠᠨ ᠤ | ᠳᠤᠮᠳᠠ ᠠᠪᠤ ᠮᠢᠨᠢ ᠰᠠᠷᠠᠪᠴᠢᠯᠠᠨ ᠪᠠᠶᠢᠯ᠎ᠠ᠃ ᠦᠬᠢᠨ ᠢᠶᠠᠨ ᠰᠠᠨᠠᠭᠠᠯᠵᠠᠵᠤ ᠡᠳᠦᠷ ᠳᠤᠭᠠᠯᠠᠨ ᠬᠦᠯᠢᠶᠡᠵᠦ ᠪᠠᠶᠢᠭᠰᠠᠨ | ᠠᠪᠤ ᠮᠠᠨᠢ ᠡᠷᠳᠡ ᠠᠴᠠ ᠨᠠᠮᠠᠢᠢ ᠤᠯᠵᠤ ᠬᠠᠷᠠᠭᠰᠠᠨ ᠢᠶᠠᠨ ᠭᠠᠷ ᠳᠠᠯᠠᠯᠤᠨ᠎ᠠ᠃ | ᠠᠪᠤ ᠮᠢᠨᠢ ᠦᠡᠭᠭᠡ ᠰᠢᠷᠢ ᠨᠢ ᠤᠨᠠᠵᠤ᠂ ᠦᠨᠴᠦᠭ ᠪᠤᠯᠤᠩ ᠨᠢ ᠬᠡᠭᠵᠡᠷᠡᠵᠦ ᠦᠷᠦᠭᠡᠰᠦᠨ ᠰᠢᠯ ᠨᠢ ᠬᠠᠭᠠᠷᠬᠠᠢ | ᠪᠠᠭ᠎ᠠ ᠮᠠᠰᠢᠨ ᠳᠠᠭᠠᠨ ᠪᠤᠭᠤᠳᠠᠯ ᠪᠠᠭᠯᠠᠭ᠎ᠠ ᠶᠢ ᠠᠴᠢᠶᠠᠯᠠᠬᠤ ᠳᠠᠭᠠᠨ᠄ | — ᠬᠤᠳᠠ ᠠᠴᠠ ᠢᠷᠡᠭᠰᠡᠨ ᠰᠤᠷᠪᠤᠯᠵᠢᠯᠠᠭᠴᠢ ᠠᠪᠠᠭ᠋ᠠᠢ ᠶᠢ ᠬᠠᠷ᠎ᠠ ᠳᠤᠭᠤᠰᠤ ᠳᠠᠳᠠᠭᠤᠯᠤᠭᠰᠠᠨ ᠮᠤᠲ᠋ᠤᠷ ᠤᠨ | ᠠᠷᠤ ᠳᠤ ᠰᠠᠭᠤᠯᠭᠠᠭᠠᠳ ᠴᠤ ᠶᠠᠭᠠᠬᠢᠬᠤᠪ᠂ ᠬᠡᠮᠬᠡᠷᠬᠡᠢ ᠪᠤᠯᠪᠠᠴᠤ ᠪᠠᠭ᠎ᠠ ᠮᠠᠰᠢᠨ ᠢᠶᠠᠷ ᠳᠤᠰᠤᠶᠠ ᠳ᠋ᠠ ᠭᠡᠵᠦ ᠱᠤᠭ | ᠪᠤᠯᠭᠠᠭᠰᠠᠨ ᠢᠶᠠᠨ ︽ᠬᠡᠪᠡᠷᠡᠭ ᠬᠠᠷᠠᠭᠳᠠᠵᠤ ᠪᠠᠶᠢᠭ᠎ᠠ ᠪᠤᠯᠪᠠᠴᠤ ᠵᠠᠮ ᠬᠤᠷᠤᠭᠠᠬᠤ ᠳᠠᠭᠠᠨ ᠪᠤᠯ ᠯᠠᠪ ᠯᠠᠪᠳᠠᠭᠤᠨ︾ | ᠭᠡᠵᠦ ᠳᠡᠷᠭᠡᠨ ᠤᠷᠤᠢ ᠳᠡᠬᠡᠷ᠎ᠠ ᠪᠠᠨ ᠬᠤᠶᠡᠷ ᠳᠠᠪᠰᠢᠭᠠᠳ ᠬᠦᠭ ᠬᠦᠭ ᠢᠨᠢᠶᠡᠨᠠ᠃ | ᠬᠤᠰᠢᠭᠤᠨ ᠳᠡᠭᠦᠷᠭᠡ ᠪᠠᠷ ᠳᠠᠪᠬᠢᠭᠰᠠᠨ ᠪᠠᠭ᠎ᠠ ᠮᠠᠰᠢᠨ ᠬᠤᠷᠳᠤ ᠰᠠᠭᠠᠷᠠᠭᠤᠯᠤᠭᠴᠢ ᠪᠦᠰᠡ ᠶᠢ ᠳᠠᠭᠠᠷᠢᠬᠤ ᠳᠠᠭᠠᠨ | ᠪᠠᠶᠢᠨ ᠪᠠᠶᠢᠨ ᠫᠢᠰ ᠳᠠᠰ ᠳᠤᠤᠭᠠᠷᠬᠤ ᠪᠤᠯᠪᠠᠴᠤ ᠬᠠᠭᠠᠷᠬᠠᠢ ᠰᠢᠯ ᠢᠶᠠᠷ ᠨᠢ ᠳᠠᠯ᠎ᠠ ᠶᠢᠨ ᠰᠠᠯᠬᠢ ᠵᠦᠭᠡᠯᠡᠨ ᠦᠯᠢᠶᠡᠵᠦ | ᠰᠡᠳᠬᠢᠯ ᠰᠡᠷᠭᠦᠭᠡᠨ᠎ᠠ᠃ | — ᠬᠠᠷ᠎ᠠ ᠳ᠋ᠠ ᠡᠨᠡ ᠵᠠᠮ ᠢ᠂ ᠦᠬᠡᠷ ᠳᠡᠷᠭᠡ ᠪᠠᠷ ᠨᠢᠭᠡ ᠰᠦᠨᠢ ᠨᠢᠭᠡ ᠡᠳᠦᠷ ᠠᠶᠠᠯᠠᠳᠠᠭ ᠪᠠᠶᠢᠵᠠᠢ ᠭᠡᠬᠦ ᠳᠤ | ᠬᠦᠮᠦᠨ ᠢᠳᠡᠭᠡᠬᠦ ᠦᠭᠡᠢ ᠭᠡᠮᠡᠷ ᠪᠤᠯᠵᠤ ᠰᠢᠤ ᠭᠡᠵᠦ ᠠᠪᠤ ᠮᠢᠨᠢ ᠦᠡᠭᠭᠡᠷᠡᠭᠰᠡᠨ ᠢᠶᠠᠨ ᠦᠭᠡᠶᠢᠯᠡᠵᠦ ᠦᠨᠦᠳᠦᠷ ᠢᠶᠠᠨ | ᠱᠠᠭᠰᠢᠨ᠎ᠠ᠃ ᠬᠡᠯᠡᠬᠦ ᠠᠴᠠ ᠨᠠᠮ᠎ᠠ ᠶᠢ ᠪᠠᠭ᠎ᠠ ᠠᠬᠤᠢ ᠳᠤ ᠬᠤᠰᠢᠭᠤ ᠰᠤᠮᠤᠨ ᠤ ᠰᠤᠷᠭᠠᠭᠤᠯᠢ ᠶᠢ ᠴᠢᠭᠯᠡᠵᠦ | ᠮᠤᠲ᠋ᠤᠷ ᠢᠶᠠᠷ ᠪᠠᠶᠢᠡᠭᠭᠤ ᠵᠠᠮᠨᠠᠬᠤ ᠳᠠᠭᠠᠨ ᠡᠯᠡᠰᠦ ᠮᠠᠩᠬ᠎ᠠ᠂ ᠴᠢᠯᠠᠭᠤ ᠮᠤᠳᠤ ᠡᠯᠳᠡᠪ ᠤᠨ ᠲᠤᠷᠤᠭᠠᠰᠤᠨ ᠳᠤ ᠠᠳᠡ | ᠳᠡᠨᠳᠡ ᠦᠭᠡᠢ ᠲᠦᠡᠭᠰᠢᠵᠦ ᠪᠠᠶᠢᠭᠰᠠᠨ ᠤᠷᠤ ᠮᠦᠷ ᠪᠠᠷ᠎ᠠ ᠳᠠᠰᠤ ᠠᠷᠢᠯᠵᠤ ᠬᠤᠰᠢᠭᠤᠨ ᠲᠦᠪ ᠠᠴᠠ ᠬᠦᠳᠡᠭᠡ | ᠭᠡᠷ ᠢ ᠴᠢᠭᠯᠡᠭᠰᠡᠨ ᠰᠢᠯᠤᠭᠤᠨ ᠳᠠᠷᠳᠠᠩ ᠴᠠᠷᠳᠠᠮᠠᠯ ᠵᠠᠮ ᠳᠠᠯ᠎ᠠ ᠶᠢ ᠵᠦᠰᠦᠨ ᠵᠢᠷᠢᠯᠵᠡᠨᠠ᠃ | ᠮᠠᠨ ᠤ ᠬᠢᠨ ᠬᠦᠮᠦᠨ ᠤ ᠭᠠᠵᠠᠷ ᠬᠦᠨᠳᠡᠯᠡᠨ ᠤ ᠨᠤᠳᠤᠭ ᠢᠶᠠᠷ ᠬᠦᠴᠦᠨ ᠤ ᠠᠵᠢᠯ ᠳᠤ ᠶᠠᠪᠤᠵᠤ ᠬᠦᠯᠢᠶᠡᠰᠦ | ᠳᠠᠷᠤᠭᠠᠰᠤ ᠪᠤᠯᠤᠭᠰᠠᠨ ᠦᠷᠢ ᠰᠢᠷᠢ ᠪᠠᠨ ᠴᠡᠭᠴᠡᠯᠡᠵᠦ ᠳᠠᠭᠤᠰᠬᠠᠭᠠᠳ ᠬᠤᠷᠤᠭ᠎ᠠ ᠪᠠᠨ ᠴᠢᠮᠡᠬᠦ ᠬᠡᠳᠦᠨ ᠢᠮᠠᠭ᠎ᠠ | ᠳᠠᠭᠤᠵᠤ ᠨᠤᠳᠤᠭ ᠲᠠᠭᠠᠨ ᠪᠤᠴᠠᠭᠰᠠᠨ ᠨᠢ ᠨᠢᠳᠤᠨᠤᠨ ᠤ ᠶᠠᠪᠤᠳᠠᠯ ᠶᠤᠮ᠃ ᠬᠠᠷᠢᠨ ᠠᠵᠢᠯ ᠰᠤᠷᠤᠯᠭ᠎ᠠ ᠭᠡᠵᠦ | ᠮᠤᠩᠭᠠᠨᠢᠵᠦ ᠶᠠᠪᠤᠭᠰᠠᠨ ᠪᠢ ᠬᠦᠳᠡᠭᠡ ᠭᠡᠷ ᠲᠡᠭᠡᠨ ᠬᠠᠷᠢᠬᠤ ᠭᠡᠵᠦ ᠬᠦᠯ ᠬᠦᠭᠡᠷᠴᠦᠭ ᠪᠤᠯᠵᠤ ᠪᠠᠶᠢᠭ᠎ᠠ ᠪᠠᠨ | ᠪᠤᠳᠤᠵᠤ ᠦᠵᠡᠪᠡᠯ ᠠᠷᠪᠠᠭᠠᠳ ᠵᠢᠯ ᠦᠨᠵᠢᠵᠡᠢ᠃ ᠵᠠᠮ ᠳᠤᠵᠢ ᠳᠠᠨᠢᠯ ᠳᠠᠰᠤᠯ ᠠᠶᠢᠯ ᠳᠤᠰᠬᠤᠨ ᠤ ᠨᠡᠷ᠎ᠠ | ᠤᠰᠤᠨ ᠤ ᠠᠷ ᠰᠢᠭ᠋ ᠨᠤᠳᠤᠭ ᠤᠨ ᠳᠤᠬᠠᠢ ᠳᠤᠷᠠᠰᠤᠮᠵᠢ ᠶᠢ ᠠᠷᠤ ᠠᠷᠤ ᠠᠴᠠ ᠨᠢ ᠬᠡᠯᠬᠢᠶᠡᠯᠡᠨᠠ᠃ ᠬᠠᠷᠢᠨ ᠪᠦᠷᠦᠭ | ᠪᠠᠷᠤᠭ ᠦᠯᠡᠳᠡᠭᠰᠡᠨ ᠡᠷᠭᠢᠴᠡᠭᠦᠯᠦᠯ ᠤᠨ ᠳᠤᠮᠳᠠᠬᠢ ᠰᠢᠪᠠᠷ ᠪᠠᠶᠢᠰᠢᠩ ᠮᠤᠬᠤᠷ ᠬᠦᠷᠢᠶ᠎ᠠ ᠶᠢ ᠤᠯᠠᠭᠠᠨ ᠸᠠᠭᠠᠷ ᠴᠠᠭᠠᠨ | ᠴᠤᠬᠤᠢ ᠪᠠᠷ ᠴᠢᠮᠡᠭᠯᠡᠭᠰᠡᠨ ᠴᠡᠮᠴᠡᠭᠡᠷ ᠵᠦᠢᠷᠡᠢ ᠪᠠᠶᠢᠰᠢᠩ ᠤᠳ ᠤᠷᠤᠯᠠᠵᠤ ᠲᠠᠯ᠎ᠠ ᠶᠢᠨ ᠠᠶᠢᠯ ᠤᠨ ᠳᠠᠩᠰᠤᠭ | ᠠᠮᠢᠳᠤᠷᠠᠯ ᠢ ᠴᠢᠮᠡᠭᠯᠡᠵᠦ ᠪᠠᠶᠢᠯ᠎ᠠ᠃ | ᠬᠡᠮᠬᠡᠷᠬᠡᠢ ᠮᠠᠨᠢ ᠳᠠᠴᠢᠬᠢᠨᠠᠭᠰᠠᠨ ᠬᠡᠪ ᠢᠶᠠᠷ ᠢᠶᠠᠨ ᠵᠠᠮ ᠬᠤᠷᠤᠭᠠᠨ᠎ᠠ᠃ ᠬᠤᠯᠠ ᠠᠴᠠ ᠬᠠᠷᠠᠭᠳᠠᠬᠤ ᠳᠠᠨᠢᠯ ᠳᠠᠰᠤᠯ | ᠦᠨᠳᠦᠷ ᠠᠭᠤᠯᠠ ᠶᠢᠨ ᠤᠷᠤᠢ ᠦᠷ᠎ᠠ ᠪᠠᠨ ᠬᠦᠯᠢᠶᠡᠭᠰᠡᠨ ᠡᠪᠦᠭᠡᠨ ᠪᠤᠭᠤᠷᠤᠯ ᠤᠨ ᠪᠠᠷ᠎ᠠ ᠰᠢᠭ᠋ ᠳᠤᠳᠤᠨᠤᠰᠤᠭ | ᠬᠡᠪ ᠢᠶᠠᠷ᠂ ᠪᠢ ᠳᠡᠷᠡ ᠠᠭᠤᠯᠠ ᠶᠢᠨ ᠭᠤᠤ ᠭᠠᠨᠭ᠍ᠭ᠎ᠠ ᠶᠢ ᠳᠠᠪᠠᠵᠤ ᠰᠤᠷᠭᠠᠭᠤᠯᠢ ᠪᠠᠨ ᠴᠢᠭᠯᠡᠵᠦ᠂ ᠬᠦᠨᠳᠡᠢ ᠪᠠᠷ ᠨᠢ | ᠬᠠᠯᠠᠭᠠᠢ ᠮᠦᠢᠯ ᠳᠡᠭᠦᠵᠦ᠂ ᠳᠡᠭᠰᠢᠬᠡᠨ ᠴᠢᠯᠠᠭᠤᠨ ᠳᠤ ᠨᠢ ᠳᠡᠭᠷᠢ ᠶᠢ ᠬᠠᠷᠠᠭᠠᠳ ᠬᠡᠪᠳᠡᠳᠡᠭ᠂ ᠳᠡᠷᠭᠡᠨ ᠰᠠᠭᠤᠳᠠᠯ | ᠰᠢᠭ᠋ ᠬᠠᠳᠠ ᠪᠠᠷ ᠨᠢ ︽ᠪᠠᠭ᠎ᠠ ᠮᠠᠰᠢᠨ︾ ᠪᠤᠯᠭᠠᠵᠤ ᠪᠠᠬ᠎ᠠ ᠪᠠᠨ ᠬᠠᠨᠳᠠᠯ᠎ᠠ ᠳᠤᠭᠯᠠᠵᠤ ᠪᠠᠶᠢᠭᠰᠠᠨ ᠁ | ᠲᠤᠭ᠎ᠠ ᠲᠠᠢ ᠰᠠᠭᠤᠭᠰᠠᠨ ᠬᠡᠳᠦᠨ ᠵᠢᠯ ᠤᠨ ᠳᠤᠭᠠᠯᠠᠰᠢ ᠦᠭᠡᠢ ᠤᠯᠠᠨ ᠡᠷᠭᠢᠴᠡᠭᠦᠯᠦᠯ ᠢᠶᠠᠨ ᠪᠢ ᠳᠡᠷᠡ ᠠᠭᠤᠯᠠ ᠶᠢᠨ | ᠬᠠᠨᠠᠭᠠᠷ ᠴᠡᠭᠡᠵᠢᠨ ᠳᠤ ᠬᠠᠳᠠᠭᠠᠯᠠᠵᠤ ᠳᠠᠯᠪᠢᠵᠤ᠋ ᠳ᠋ᠠ᠃ ᠠᠶᠢᠯ ᠢ ᠳᠤᠭᠤᠷᠢᠭᠰᠠᠨ ᠠᠭᠤᠯᠠᠰ ᠮᠠᠨᠢ ᠤᠨ ᠵᠢᠯ ᠤᠨ | ᠤᠯᠠᠷᠢᠯ ᠢ ᠠᠵᠢᠭ ᠦᠭᠡᠢ ᠦᠡᠭᠭᠡᠷᠡᠭᠡᠵᠦ ᠬᠤᠪᠢᠷᠠᠭᠰᠠᠨ ᠵᠦᠢᠯ ᠭᠡᠵᠦ ᠪᠠᠷᠤᠭ ᠦᠭᠡᠢ᠃ ᠬᠠᠷᠢᠨ ᠬᠦᠮᠦᠨ ᠤ | ᠦᠪᠡᠷ ᠤᠨ ᠬᠢ ᠭᠡᠵᠦ ᠢᠯᠭᠠᠵᠤ ᠰᠤᠷᠤᠭᠰᠠᠨ ᠨᠡᠶᠢᠭᠡᠮ ᠤᠨ ᠤᠷᠤᠰᠬᠠᠯ ᠤᠨ ᠳᠦᠷᠤᠳᠠᠰᠤ ᠪᠤᠯᠤᠭᠰᠠᠨ ᠳᠤᠤᠷ | ᠬᠦᠷᠢᠶ᠎ᠠ ᠯᠠ ᠬᠦᠷᠦᠰᠦᠨ ᠳᠤ ᠪᠤᠯᠠᠭᠳᠠᠭᠰᠠᠨ ᠮᠤᠳᠤᠨ ᠠᠴᠠ ᠪᠠᠨ ᠴᠢᠩᠭ᠎ᠠ ᠵᠢᠭᠤᠷᠠᠵᠤ ᠠᠭᠠᠯᠵᠢᠨ ᠳᠤᠤᠷ ᠮᠡᠳᠦ | ᠠᠷᠵᠠᠶᠢᠨ ᠬᠠᠴᠢᠨ ᠡᠪ ᠦᠭᠡᠢ ᠬᠠᠷᠠᠭᠳᠠᠨ᠎ᠠ᠃ | ᠬᠦᠮᠦᠨ ᠮᠠᠯ ᠤᠨ ᠷᠠᠰᠢᠶᠠᠨ ᠪᠤᠯᠠᠭ ᠪᠤᠯᠤᠭᠰᠠᠨ ᠨᠠᠷᠢᠨ ᠪᠦᠳᠦᠭᠦᠨ ᠵᠦᠢᠷᠡᠢ ᠬᠤᠶᠠᠷ ᠭᠤᠤᠯ ᠬᠤᠷᠴᠢᠬᠢᠨᠠᠨ | ᠤᠷᠤᠰᠤᠨ᠎ᠠ᠃ ᠡᠷᠭᠢ ᠮᠦᠷᠭᠦᠴᠡᠭ ᠴᠤ ᠦᠶᠡᠷ ᠤᠰᠤᠳᠤᠯ ᠤᠨ ᠡᠷᠬᠡᠨ ᠳᠤ ᠢᠷᠮᠡᠭ ᠬᠦᠪᠡᠭᠡ ᠨᠢ ᠨᠡᠯᠢᠶᠡᠳ | ᠢᠳᠡᠭᠳᠡᠵᠡᠢ᠃ ᠤᠨᠠᠭᠰᠠᠨ ᠨᠤᠳᠤᠭ ᠤᠨ ᠢᠶᠠᠨ ᠦᠨᠴᠦᠭ ᠪᠤᠯᠤᠩ ᠪᠦ᠋ᠷᠢ ᠳᠤ ᠦᠯᠢᠭᠡᠷ ᠪᠢᠴᠢᠭᠯᠡᠳᠡᠭ ᠲᠠᠩᠬᠢᠯ ᠨᠠᠰᠤ | ᠮᠠᠨᠢ ᠡᠷᠭᠢ ᠮᠦᠷᠭᠦᠴᠡᠭ ᠲᠤ ᠨᠢ ᠴᠤ ᠨᠢᠭᠤᠭᠳᠠᠨ ᠪᠠᠶᠢᠳᠠᠭ᠃ ᠨᠡᠭᠦᠳᠡᠯ ᠤᠨ ᠬᠦᠮᠦᠨ ᠤ ᠬᠠᠶᠠᠭᠰᠠᠨ ᠨᠤᠮ | ᠳᠡᠪᠳᠡᠷ ᠢ ᠠᠷᠤᠭ ᠢᠶᠠᠷ ᠰᠠᠪᠠᠯᠠᠵᠤ ᠠᠯᠵᠢᠶᠠᠯ ᠦᠭᠡᠢ ᠵᠦᠭᠡᠭᠡᠵᠦ ᠪᠠᠶᠢᠭᠰᠠᠨ ᠠᠬ᠎ᠠ ᠪᠢᠳᠡ ᠬᠤᠶᠠᠷ ᠤᠨ ᠪᠠᠷ᠎ᠠ | ᠲᠡᠶᠢᠨ ᠬᠦ ᠭᠢᠯᠠᠰᠬᠢᠨ ᠦᠡᠭᠭᠡᠷᠡᠨᠠ᠃ ᠠᠶᠢᠯ ᠤᠨ ᠬᠠᠶᠠᠭᠰᠠᠨ ᠨᠤᠪᠰᠢ ᠶᠢ ᠭᠡᠷ ᠵᠦᠭ ᠢᠶᠠᠨ ᠵᠦᠭᠡᠭᠡᠯᠠ ᠭᠡᠵᠦ ᠬᠡᠨ | ᠨᠢᠭᠡ ᠨᠢ ᠱᠤᠭᠯᠠᠵᠤ ᠪᠠᠶᠢᠬᠤ ᠳᠤ ᠨᠤᠮ ᠡᠭᠦᠷᠦᠭᠡᠳ ᠢᠷᠡᠭᠰᠡᠨ ᠤᠬᠠᠭᠠᠨ ᠲᠠᠢ ᠬᠤᠶᠠᠷ ᠦᠷ᠎ᠠ ᠮᠢᠨᠢ ᠭᠡᠵᠦ | ᠦᠵᠦᠭᠦᠷ ᠦᠭᠡᠢ ᠪᠠᠶᠠᠷᠯᠠᠳᠠᠭ ᠡᠵᠢ ᠶᠢᠨ ᠮᠢᠨᠢ ᠢᠨᠢᠶᠡᠭᠰᠡᠨ ᠴᠢᠷᠠᠢ ᠴᠤ ᠳᠡᠷᠡ ᠭᠱᠠᠨ᠎ᠠ ᠪᠦᠷᠳᠦᠯᠵᠡᠨ ᠬᠠᠷᠠᠭᠳᠠᠬᠤ | ᠮᠡᠳᠦ ᠪᠤᠯᠤᠯ᠎ᠠ᠃ ᠰᠦᠮᠡᠯᠵᠡᠭᠰᠡᠨ ᠯᠠ ᠶᠢᠨ ᠭᠡᠷᠡᠯ ᠳᠤ ᠰᠦᠨᠢ ᠳᠤᠵᠢ ᠦᠯᠢᠭᠡᠷ ᠤᠡᠭᠰᠢᠵᠤ ᠦᠭᠳᠡᠭ ᠬᠦᠭᠡᠷᠦᠬᠦᠢ | ᠬᠦᠮᠦᠨ ᠯᠠ ᠪᠠᠶᠢᠭᠰᠠᠨ ᠶᠤᠮ ᠳ᠋ᠠᠭ᠃ | ︽ᠲᠡᠷᠡᠭᠦᠬᠡᠨ︾ ᠭᠡᠵᠦ ᠠᠪᠤ ᠮᠢᠨᠢ ᠮᠢᠷᠠᠯᠵᠠᠨ ᠤᠷᠤᠰᠬᠤ ᠭᠤᠤᠯ ᠠᠴᠠ ᠬᠤᠯᠠ ᠦᠭᠡᠢ ᠳᠠᠯ᠎ᠠ ᠶᠢᠨ ᠳᠤᠮᠳᠠ | ᠪᠤᠰᠬᠠᠭᠰᠠᠨ ᠰᠢᠨ᠎ᠠ ᠭᠡᠷ ᠵᠦᠭ ᠢᠶᠠᠨ ᠡᠷᠡᠦ ᠪᠠᠷ ᠢᠶᠠᠨ ᠳᠤᠬᠢᠨᠠ᠃ | ᠬᠡᠨ ᠭᠡᠳᠡᠭ ᠠᠶᠢᠯ ᠤᠨ ᠬᠢ ᠠᠳᠡ ᠠᠵᠤ ᠲᠦᠷᠦᠵᠦ ᠪᠠᠶᠢᠭᠰᠠᠨ ᠭᠡᠳᠡᠭ ᠢ ᠮᠠᠷᠳᠠᠯ ᠦᠭᠡᠢ ᠳᠡᠮᠳᠡᠭᠯᠡᠬᠦ ᠭᠡᠵᠦ | ᠴᠢᠷᠮᠠᠶᠢᠭᠰᠠᠨ ᠬᠠᠭᠤᠴᠢᠨ ᠭᠡᠷ ᠤᠨ ᠪᠠᠭᠤᠷᠢ ᠠᠴᠠ ᠦᠯᠡᠳᠡᠭᠰᠡᠨ ᠬᠡᠳᠦᠨ ᠤᠪᠤᠭ᠎ᠠ ᠰᠢᠷᠤᠢ ᠳᠡᠭᠦᠨ ᠤ ᠡᠮᠦᠨ᠎ᠠ ᠨᠢ | ᠴᠢᠮᠡᠭᠡ ᠦᠭᠡᠢ ᠯᠠ ᠬᠡᠪᠳᠡᠨ᠎ᠠ᠃ ᠬᠠᠷᠢᠨ ᠰᠢᠨ᠎ᠠ ᠡᠬᠢᠯᠡᠯᠳᠡ ᠶᠢ ᠪᠡᠯᠭᠡᠰᠢᠶᠡᠭᠰᠡᠨ ᠰᠢᠨ᠎ᠠ ᠭᠡᠷ ᠤᠨ ᠬᠤᠯᠠᠩ ᠠᠴᠠ | ᠰᠤᠭᠤᠨᠠᠭᠯᠠᠬᠤ ᠤᠳᠤᠭ᠎ᠠ ᠴᠤ ᠭᠡᠷ ᠮᠢᠨᠢ ᠭᠡᠬᠦ ᠠᠴᠠ ᠴᠠᠭᠠᠨ᠎ᠠ ᠪᠠᠨ ᠨᠢᠭᠡ ᠯᠡ ᠡᠭᠡᠯᠢᠳᠡᠢ᠃ ᠬᠤᠳᠠ ᠭᠠᠵᠠᠷ ᠤᠨ | ᠳᠡᠪᠵᠢᠶᠡᠨ ᠳᠤ ᠬᠦᠯ ᠤᠯᠠ ᠪᠠᠨ ᠤᠯᠬᠤ ᠦᠭᠡᠢ ᠪᠢ ᠭᠡᠵᠦ ᠶᠠᠭᠤ ᠬᠢᠬᠦ ᠪᠠᠷ ᠠᠳᠡ ᠮᠤᠩᠭᠠᠨᠢᠵᠤ ᠪᠠᠶᠢᠭ᠎ᠠ | ᠳᠤᠯᠤᠭᠠᠢ ᠪᠢᠯᠡ ᠭᠡᠳᠡᠭ ᠡᠭᠡᠳᠡᠷᠡᠭᠡᠨ ᠨᠦᠭᠦᠳ ᠳᠡᠷᠡ ᠯᠡ ᠮᠦᠴᠡ ᠳᠤ ᠬᠤᠭ ᠦᠭᠡᠢ ᠠᠷᠢᠯᠵᠠᠢ᠃ ᠪᠢ ᠭᠡᠳᠡᠭ | ᠴᠢᠨᠢ ᠦᠪᠡᠷ ᠤᠨ ᠢᠶᠠᠨ ᠨᠤᠳᠤᠭ ᠤᠨ ᠡᠯᠢᠭᠡᠨ ᠳᠤ ᠪᠦᠪᠠᠶᠢᠯᠡᠭᠳᠡᠵᠦ᠂ ᠦᠯᠮᠡᠢ ᠳᠤ ᠳᠤᠷᠤᠭᠳᠠᠬᠤ | ᠴᠢᠯᠠᠭᠤᠨ ᠠᠴᠠ ᠨᠢ ᠬᠦᠷᠳᠡᠯ᠎ᠠ ᠦᠯᠢᠭᠡᠷ ᠠᠭᠤᠳᠠᠯᠯᠠᠵᠤ ᠶᠠᠪᠤᠳᠠᠭ ᠪᠠᠶᠠᠨ ᠬᠦᠮᠦᠨ ᠪᠠᠶᠢᠵᠤ ᠳ᠋ᠠ᠃ | ᠬᠡᠨ ᠢᠷᠡᠭᠰᠡᠨ ᠪᠤᠯ ᠭᠡᠵᠦ ᠬᠤᠴᠠᠨ ᠪᠠᠶᠢᠭᠰᠠᠨ ᠨᠤᠬᠠᠢ ᠬᠡᠮᠬᠡᠷᠬᠡᠢ ᠶᠢ ᠲᠠᠨᠢᠵᠤ᠂ ᠰᠡᠭᠦᠯ ᠢᠶᠠᠨ ᠬᠦᠳᠡᠯᠬᠡᠨ | ᠡᠵᠡᠨ ᠢᠶᠠᠨ ᠤᠭᠳᠤᠨ᠎ᠠ᠃ ᠡᠭᠦᠳᠡᠨ ᠭᠠᠳᠠᠨ᠎ᠠ ᠠᠴᠠ ᠰᠦ ᠲᠠᠢ ᠴᠠᠢ᠂ ᠮᠢᠬᠠᠨ ᠱᠦᠯᠦ ᠶᠢᠨ ᠦᠨᠦᠷ ᠬᠠᠨᠭ᠍ᠬᠤᠯᠵᠤ | ᠪᠢ ᠰᠠᠨᠠᠵᠤ ᠤᠳᠠᠭᠰᠠᠨ ᠭᠡᠷ ᠲᠡᠭᠡᠨ ᠠᠯᠬᠤᠨ ᠤᠷᠤᠯ᠎ᠠ ᠁ | | ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ | | |