ᠦᠨᠳᠦᠰᠦᠳᠡᠨ ᠤ ᠪᠡᠶ᠎ᠠ ᠲᠠᠮᠢᠷ ᠢ ᠤᠯᠠᠮᠵᠢᠯᠠᠨ ᠬᠦᠭᠵᠢᠬᠦᠯᠵᠤ᠂ ᠪᠦᠬᠦ ᠠᠷᠠᠤᠨ ᠤᠨ ᠪᠡᠶ᠎ᠠ ᠰᠡᠤᠡᠬᠢᠴᠡ ᠶᠢ | ᠡᠷᠡᠭᠦᠯᠵᠢᠭᠦᠯᠦᠨ᠂ ᠵᠠᠯᠠᠭᠤ ᠪᠠᠭᠠᠴᠤᠤᠨ ᠤᠨ ᠪᠦᠬᠡ ᠶᠢᠨ ᠮᠡᠷᠭᠡᠵᠢᠯ ᠤᠨ ᠬᠢᠷᠢ ᠲᠦᠪᠰᠢᠨ ᠢ ᠲᠡᠭᠡᠭᠰᠢᠯᠡᠭᠦᠯᠵᠦ᠂ | ᠪᠦᠬᠡ ᠶᠢᠨ ᠬᠦᠭᠵᠢᠯᠳᠡ ᠶᠢ ᠲᠦᠯᠬᠢᠨ ᠠᠬᠢᠭᠤᠯᠬᠤ ᠪᠠᠷ᠂ 12 ᠰᠠᠷ᠎ᠠ ᠶᠢᠨ 17 ᠤ ᠦᠳᠡ ᠶᠢᠨ ᠬᠤᠶᠢᠨ᠎ᠠ | ᠠᠶᠢᠮᠠᠭ ᠤᠨ ᠰᠤᠶᠤᠯ ᠵᠤᠭᠠᠴᠠᠯ ᠪᠡᠶ᠎ᠠ ᠲᠠᠮᠢᠷ ᠤᠨ ᠲᠤᠪᠴᠢᠶ᠎ᠠ᠂ ᠠᠶᠢᠮᠠᠭ ᠤᠨ ᠦᠨᠳᠦᠰᠦᠳᠡᠨ ᠤ ᠬᠡᠷᠡᠭ ᠡᠷᠬᠢᠯᠡᠬᠦ | ᠵᠦᠪᠯᠠᠯ᠂ ᠠᠶᠢᠮᠠᠭ ᠤᠨ ᠰᠤᠷᠭᠠᠨ ᠬᠦᠮᠦᠵᠢᠯ ᠤᠨ ᠲᠤᠪᠴᠢᠶ᠎ᠠ ᠠᠴᠠ ᠭᠤᠤᠯᠯᠠᠨ ᠡᠷᠬᠢᠯᠡᠭᠰᠡᠨ ᠪᠦᠬᠦ ᠠᠶᠢᠮᠠᠭ ᠤᠨ | ᠬᠤᠶᠠᠳᠤᠭᠠᠷ ᠬᠤᠭᠤᠴᠠᠭᠠᠨ ᠤ ᠵᠠᠯᠠᠭᠤ ᠪᠠᠭᠠᠴᠤᠤᠨ ᠤᠨ ᠪᠦᠬᠡ ᠶᠢᠨ ᠮᠦᠷᠦ᠋ᠢᠴᠡᠭᠡᠨ ᠠᠶᠢᠮᠠᠭ ᠤᠨ ᠪᠡᠶ᠎ᠠ ᠲᠠᠮᠢᠷ ᠤᠨ | ᠤᠷᠳᠤᠨ ᠳᠤ ᠪᠤᠯᠵᠤᠭ᠎ᠠ ᠶᠤᠰᠤ ᠪᠠᠷ ᠶᠠᠪᠤᠭᠳᠠᠪᠠ᠃ | ᠪᠦᠬᠡ ᠶᠢᠨ ᠮᠦᠷᠦ᠋ᠢᠴᠡᠭᠡᠨ ᠤ ᠡᠬᠢᠯᠡᠯᠳᠡ ᠶᠢᠨ ᠶᠤᠰᠤᠯᠠᠯ ᠳᠤ ᠲᠤᠬᠢᠷᠠᠭᠤᠯᠤᠬᠰᠠᠨ ᠰᠤᠷᠤᠨᠨᠴᠢᠤᠨ ᠤᠨ ᠤᠷᠠᠨ | ᠰᠠᠶᠢᠬᠠᠨ ᠤ ᠲᠤᠨᠨᠯᠠᠯᠳᠠ ᠨᠢ ᠬᠦᠷᠦᠯᠴᠡᠨ ᠢᠷᠡᠭᠰᠡᠨ ᠪᠦᠬᠡ ᠶᠢᠨ ᠪᠠᠭ᠋ᠠᠳᠠᠤᠨ ᠤᠨ ᠬᠠᠷᠠᠭ᠎ᠠ ᠶᠢ ᠮᠢᠯᠢᠶᠠᠵᠦ | ᠰᠤᠨᠤᠷ ᠢ ᠨᠢ ᠪᠠᠶᠠᠰᠬᠠᠬᠰᠠᠨ ᠪᠦᠭᠡᠳ ᠡᠯ᠎ᠠ ᠬᠤᠰᠢᠭᠤ ᠰᠢᠶᠠᠨ ᠬᠤᠳᠠ ᠠᠴᠠ ᠬᠦᠷᠦᠯᠴᠡᠨ ᠢᠷᠡᠭᠰᠡᠨ ᠪᠦᠬᠡ ᠶᠢᠨ | ᠲᠦᠯᠦᠭᠡᠯᠡᠭᠴᠢ ᠶᠢᠨ ᠠᠩᠬᠢ ᠲᠠᠯᠠᠪᠠᠢ ᠳᠤ ᠤᠷᠤᠵᠦ᠂ ᠬᠢᠨ᠋ᠬᠠᠴᠢ ᠶᠢᠨ ᠲᠦᠯᠦᠭᠡᠯᠡᠭᠴᠢ᠂ ᠪᠦᠬᠡᠴᠢᠤᠨ ᠤᠨ | ᠲᠦᠯᠦᠭᠡᠯᠡᠭᠴᠢ ᠲᠠᠩᠭᠠᠷᠢᠬᠯᠠᠨ᠂ ᠮᠦᠷᠦ᠋ᠢᠴᠡᠭᠡᠨ ᠢᠶᠠᠨ ᠠᠮᠵᠢᠯᠳᠠ ᠲᠠᠢ ᠡᠬᠢᠯᠡᠭᠦᠯᠵᠠᠢ᠃ | ᠮᠦᠷᠦ᠋ᠢᠴᠡᠭᠡᠨ ᠢ 12 ᠰᠠᠷ᠎ᠠ ᠶᠢᠨ 17 ᠤ ᠦᠳᠡ ᠶᠢᠨ ᠬᠤᠶᠢᠨ᠎ᠠ ᠠᠴᠠ 18 ᠤ ᠡᠳᠦᠷ ᠤᠨ ᠦᠳᠡ ᠶᠢᠨ | ᠡᠮᠦᠨ᠎ᠠ ᠪᠤᠯᠳᠠᠯ᠎ᠠ ᠲᠦᠷᠪᠡᠨ ᠲᠤᠭᠤᠢᠢᠯᠠᠩ ᠬᠤᠪᠢᠶᠠᠨ ᠶᠠᠪᠤᠨᠨᠳᠠᠭᠤᠯᠬᠤ ᠪᠠᠷ ᠲᠦᠯᠦᠪᠯᠡᠵᠦ᠂ ᠠᠶᠢᠮᠠᠭ ᠤᠨ ᠰᠢᠭᠤᠤᠨ | ᠬᠠᠷᠢᠶ᠎ᠠ ᠪᠠᠶᠢᠭᠤᠯᠭ᠎ᠠ ᠪᠠ ᠡᠯ᠎ᠠ ᠬᠤᠰᠢᠭᠤ ᠰᠢᠶᠠᠨ ᠬᠤᠳᠠ ᠶᠢᠨ ᠦᠨᠳᠦᠷ ᠵᠡᠷᠭᠡ ᠶᠢᠨ ᠲᠤᠮᠳᠠᠳᠦ ᠰᠤᠷᠭᠠᠭᠤᠯᠢ᠂ | ᠠᠩᠬ᠎ᠠ ᠵᠡᠷᠭᠡ ᠶᠢᠨ ᠲᠤᠮᠳᠠᠳᠦ ᠰᠤᠷᠭᠠᠭᠤᠯᠢ ᠶᠢᠨ ᠡᠷᠡᠭᠳᠠᠢ ᠡᠮᠡᠭᠳᠠᠢ 130 ᠭᠠᠷᠤᠢ ᠪᠦᠬᠡᠴᠢᠨ ᠵᠤᠳᠤᠨᠨᠯᠠᠨ | ᠤᠷᠤᠯᠴᠠᠬᠤ ᠪᠠᠷ ᠪᠤᠢ᠃ ᠡᠭᠦᠨ ᠳᠤ ᠵᠠᠯᠠᠭᠤᠴᠤᠤᠨ ᠤᠨ ᠲᠤᠭᠤᠢᠢᠯᠠᠩ ︵ᠦᠨᠳᠦᠷ ᠵᠡᠷᠭᠡ︶ ᠳᠤ ᠡᠷᠡᠭᠳᠠᠢ 10 | ᠨᠡᠷᠡᠰ᠂ ᠡᠮᠡᠭᠳᠠᠢ 6 ᠨᠡᠷᠡᠰ᠂ ᠪᠠᠭᠠᠴᠤᠤᠨ ᠤᠨ ᠲᠤᠭᠤᠢᠢᠯᠠᠩ ︵ᠠᠩᠬ᠎ᠠ ᠵᠡᠷᠭᠡ︶ ᠳᠤ ᠡᠷᠡᠭᠳᠠᠢ 10 ᠨᠡᠷᠡᠰ᠂ | ᠡᠮᠡᠭᠳᠠᠢ 6 ᠨᠡᠷᠡᠰ ᠤᠷᠤᠯᠴᠠᠵᠤ᠂ ᠬᠠᠮᠳᠦ ᠨᠢᠭᠡᠴᠢ ᠶᠢᠨ ᠪᠠᠷᠢᠯᠳᠤᠭᠠᠨ ᠢ ᠬᠤᠭᠤᠷᠤᠨᠳᠤ ᠨᠢ ᠡᠭᠡᠯᠵᠢᠯᠡᠨ | ᠪᠠᠷᠢᠯᠳᠤᠭᠤᠯᠵᠦ᠂ ᠬᠤᠪᠢ ᠬᠦᠮᠦᠨ ᠤ ᠪᠠᠷᠢᠯᠳᠤᠭᠠᠨ ᠢ ᠰᠢᠪᠠᠭ᠎ᠠ ᠲᠠᠳᠠᠬᠤ ᠮᠠᠶ᠋ᠢᠭ ᠢᠶᠠᠷ ᠶᠠᠪᠤᠨᠨᠳᠠᠭᠤᠯᠵᠦ᠂ | ᠪᠠᠷᠢᠯᠳᠤᠬᠤ ᠴᠠᠭ ᠢ 7 ᠮᠢᠨᠦ᠋ᠲ ᠢᠶᠠᠷ ᠬᠢᠵᠠᠭᠠᠷᠯᠠᠬᠤ ᠪᠤᠯᠤᠨ᠎ᠠ᠃ | ᠲᠤᠰ ᠤᠳᠠᠭ᠎ᠠ ᠬᠠᠮᠳᠦ ᠨᠢᠭᠡᠴᠢ ᠶᠢᠨ ᠪᠠᠷᠢᠯᠳᠤᠭᠠᠨ ᠤ ᠡᠮᠦᠨ᠎ᠠ ᠭᠤᠷᠪᠠᠨ ᠨᠡᠷᠡᠰ ᠢ ᠱᠠᠩᠨᠠᠵᠦ᠂ ᠬᠤᠪᠢ | ᠬᠦᠮᠦᠨ ᠤ ᠪᠠᠷᠢᠯᠳᠤᠭᠠᠨ ᠤ ᠡᠷᠡᠭᠳᠠᠢ ᠶᠢᠨ ᠲᠤᠭᠤᠢᠢᠯᠠᠩ ᠤᠨ ᠡᠮᠦᠨ᠎ᠠ 16 ᠨᠡᠷᠡᠰ᠂ ᠡᠮᠡᠭᠳᠠᠢ ᠶᠢᠨ ᠲᠤᠭᠤᠢᠢᠯᠠᠩ ᠤᠨ | ᠡᠮᠦᠨ᠎ᠠ 8 ᠨᠡᠷᠡᠰ ᠢ ᠱᠠᠩᠨᠠᠨ ᠬᠦᠬᠢᠭᠦᠯᠬᠦ ᠪᠦᠭᠡᠳ ᠡᠮᠦᠨ᠎ᠠ ᠭᠤᠷᠪᠠᠨ ᠨᠡᠷᠡᠰ ᠲᠤ ᠲᠤᠳᠤᠷᠬᠠᠰᠠᠨ ᠬᠠᠮᠳᠦ | ᠨᠢᠭᠡᠴᠢ ᠶᠢᠨ ᠲᠤᠭᠤᠢᠢᠯᠠᠩ ᠤᠨ ᠲᠠᠰᠬᠠᠯᠵᠢᠭᠤᠯᠤᠨᠨᠴᠢ ᠶᠢ ︽ᠰᠢᠯᠢᠳᠡᠭ ᠲᠠᠰᠬᠠᠯᠵᠢᠭᠤᠯᠤᠨᠨᠴᠢ︾ ᠪᠠᠷ ᠰᠤᠩᠭᠤᠵᠦ᠂ | ︽ᠰᠢᠯᠢᠳᠡᠭ ᠬᠢᠨ᠋ᠬᠠᠴᠢ︾ ᠶᠢ 5 ᠨᠡᠷᠡᠰ ᠱᠠᠩᠨᠠᠬᠤ ᠪᠤᠯᠤᠨ᠎ᠠ᠃ |