ᠰᠢᠳᠦ ᠶᠢ ᠬᠠᠮᠠᠭᠠᠯᠠᠬᠤ ᠸᠢᠲ᠋ᠠᠮᠢᠨ
ᠨᠡᠶᠢᠲᠡᠯᠡᠭᠰᠡᠨ ᠴᠠᠭ᠄
2018-07-02
                          ᠰᠢᠳᠦ ᠶᠢ ᠬᠠᠮᠠᠭᠠᠯᠠᠬᠤ ᠸᠢᠲ᠋ᠠᠮᠢᠨ       ᠦᠷᠭᠦᠯᠵᠢ ᠰᠢᠳᠦ ᠪᠠᠨ ᠱᠣᠸᠠᠵᠠᠳᠠᠬᠤ ᠪᠠ ᠬᠤᠭᠤᠴᠠᠭ᠎ᠠ ᠲᠠᠢ ᠪᠠᠷ ᠰᠢᠳᠦ ᠪᠠᠨ ᠰᠠᠶᠢᠲᠦᠷ ᠴᠡᠪᠡᠷᠯᠡᠬᠦ ᠨᠢ ᠰᠢᠳᠦ ᠶᠢ ᠬᠠᠮᠠᠭᠠᠯᠠᠬᠤ ᠳᠤ ᠮᠠᠰᠢ   ᠴᠢᠬᠤᠯᠠ ᠶᠣᠮ᠃ ᠠᠦ᠋ᠰᠲᠷᠠᠯᠢᠶ᠎ᠠ ᠶᠢᠨ ᠰᠢᠳᠦᠨ ᠤ ᠲᠤᠰᠬᠠᠢ ᠮᠡᠷᠭᠡᠵᠢᠯᠲᠡᠨ ᠤ ᠲᠠᠶᠢᠯᠪᠦᠷᠢᠯᠠᠡᠭ᠌ᠰᠠᠨ ᠢᠶᠠᠷ᠂ ᠠᠮᠠᠨ ᠬᠦᠨᠳᠡᠢ ᠶᠢᠨ ᠡᠳᠦᠷ   ᠲᠤᠲᠤᠮ ᠤᠨ ᠴᠡᠪᠡᠷᠯᠡᠯᠲᠡ ᠶᠢ ᠠᠩᠬᠠᠷᠬᠤ ᠪᠠ ᠰᠢᠳᠦᠨ ᠤ ᠰᠠᠯᠠᠭᠠᠨ ᠤ ᠲᠤᠰᠬᠠᠢ ᠡᠮᠴᠢ ᠶᠢᠨ ᠰᠠᠨᠠᠭᠤᠯᠭ᠎ᠠ ᠶᠢ ᠰᠤᠨᠤᠰᠬᠤ ᠠᠴᠠ ᠭᠠᠳᠠᠨ᠎ᠠ᠂ ᠡᠷᠡᠭᠦᠯ ᠰᠠᠶᠢᠬᠠᠨ ᠢᠳᠡᠭᠡᠨ ᠤᠮᠳᠠᠭᠠᠨ ᠤ ᠳᠠᠳᠬᠠᠯ ᠪᠣᠯ ᠰᠢᠳᠦ ᠶᠢ ᠬᠠᠮᠠᠭᠠᠯᠠᠬᠤ ᠶᠢᠨ ᠵᠠᠩᠬᠢᠯᠭ᠎ᠠ ᠶᠤᠮ᠃ ᠡᠭᠦᠨ ᠳᠤ ᠳᠦᠷᠪᠡᠨ ᠵᠦᠢᠯ ᠤᠨ ᠸᠢᠲ᠋ᠠᠮᠢᠨ ᠢ ᠨᠦᠭᠦᠪᠦᠷᠢᠯᠡᠬᠦ ᠶᠢ ᠣᠨᠴᠠᠭᠠᠶᠢᠯᠠᠨ ᠠᠩᠬᠠᠷᠬᠤ ᠴᠢᠬᠤᠯᠠᠲᠠᠢ᠃       ᠸᠢᠲ᠋ᠠᠮᠢᠨ A᠃ ᠸᠢᠲ᠋ᠠᠮᠢᠨ A ᠲᠣᠲᠠᠪᠡᠯ ᠰᠢᠯᠦᠰᠤᠨ i ᠪᠤᠯᠴᠢᠷᠬᠠᠢ ᠬᠡᠪ ᠤᠨ ᠦᠢᠯᠡᠳᠦᠯ ᠢᠶᠠᠨ ᠦᠵᠡᠭᠦᠯᠵᠤ ᠴᠢᠳᠠᠬᠤ ᠦᠭᠡᠢ ᠪᠤᠯᠵᠤ᠂ ᠠᠮᠠᠨ ᠬᠦᠨᠳᠡᠢ ᠳᠤ ᠬᠤᠤᠷᠲᠠᠢ ᠪᠠᠺᠲ᠋ᠧᠷᠢ ᠴᠣᠭᠯᠠᠷᠠᠨ᠂ ᠰᠢᠳᠦᠨ ᠤ ᠦᠡᠭᠭᠡ ᠣᠨᠣᠳᠠᠭ᠃ ᠴᠠᠭᠠᠨ ᠢᠳᠡᠭᠡᠨ᠂ ᠬᠤᠯᠣᠣᠪᠠᠨᠭ᠌ ᠵᠢᠴᠢ ᠭᠦᠨ ᠦᠡᠭᠭᠡᠲᠠᠢ ᠢᠳᠡᠰᠢᠨ ᠨᠤᠭᠤᠭ᠎ᠠ ᠳᠤ ᠸᠢᠲ᠋ᠠᠮᠢᠨ A ᠡᠯᠪᠡᠭ   ᠠᠭᠤᠯᠤᠭᠳᠠᠬᠤ ᠲᠤᠯᠠ ᠢᠯᠡᠭᠦᠬᠡᠨ ᠢᠳᠡᠭᠡᠷᠡᠢ᠃       ᠸᠢᠲ᠋ᠠᠮᠢᠨ K2᠃ ᠲᠡᠷᠡ ᠨᠢ ᠬᠦᠮᠤᠨ ᠤ ᠪᠡᠶ᠎ᠡ ᠶᠢᠨ   ᠺᠠᠯᠼ ᠰᠢᠩᠭᠡᠬᠦ ᠳᠤ ᠵᠠᠮ ᠬᠠᠷᠢᠯᠴᠠᠭᠠᠨ ᠤ ᠴᠠᠭᠳᠠᠭ᠎ᠠ ᠮᠡᠲᠦ ᠶᠢᠨ ᠵᠢᠯᠤᠭᠤᠳᠬᠤ ᠦᠢᠯᠡᠳᠦᠯ ᠦᠵᠡᠭᠦᠯᠳᠡᠭ᠃ ᠸᠢᠲ᠋ᠠᠮᠢᠨ K2 ᠲᠣᠲᠠᠪᠠᠯ ᠮᠠᠬᠠᠪᠤᠳ ᠲᠠᠬᠢ ᠺᠠᠯᠼ ᠠᠮᠠᠷᠬᠠᠨ ᠬᠠᠷ᠎ᠠ ᠪᠦᠭᠡᠷ᠎ᠡ ᠪᠠ ᠴᠢᠰᠦᠨ ᠳᠤ ᠤᠷᠤᠰᠤᠨ ᠤᠷᠤᠬᠤ ᠠᠴᠠ ᠪᠢᠰᠢ ᠰᠢᠳᠦᠨ ᠳᠤ ᠶᠠᠪᠤᠳᠠᠭ ᠦᠭᠡᠢ᠃ ᠰᠢᠷ᠎ᠠ   ᠲᠣᠰᠣ᠂ ᠡᠭᠡᠵᠡᠬᠡᠢ ᠵᠡᠷᠭᠡ ᠢᠳᠡᠭᠡᠨ ᠳᠤ ᠸᠢᠲ᠋ᠠᠮᠢᠨ K2 ᠡᠯᠪᠡᠭ ᠪᠠᠶᠢᠳᠠᠭ᠃       ᠸᠢᠲ᠋ᠠᠮᠢᠨ D᠃ ᠮᠦᠭᠦ ᠶᠢᠨ ᠲᠦᠷᠦᠯ ᠪᠠ ᠭᠦᠨ ᠳᠠᠯᠠᠢ ᠶᠢᠨ ᠵᠢᠭᠠᠰᠣᠨ ᠳᠤ ᠸᠢᠲ᠋ᠠᠮᠢᠨ D ᠡᠯᠪᠡᠭ ᠠᠭᠤᠯᠤᠭᠳᠠᠳᠠᠭ᠃ ᠡᠶᠢᠮᠦᠷᠭᠦ ᠸᠢᠲ᠋ᠠᠮᠢᠨ ᠨᠢ ᠠᠷᠤᠭ ᠶᠠᠰᠤ ᠶᠢ ᠴᠢᠩᠭᠠᠷᠠᠭᠤᠯᠬᠤ ᠪᠠ ᠰᠢᠳᠦᠨ ᠳᠤ ᠮᠠᠰᠢ ᠴᠢᠬᠤᠯᠠ ᠦᠢᠯᠡᠳᠦᠯ   ᠦᠵᠡᠭᠦᠯᠳᠡᠭ᠃ ᠭᠠᠷᠠᠭ ᠲᠤ 1 — 2 ᠤᠳᠠᠭ᠎ᠠ ᠭᠦᠨ ᠳᠠᠯᠠᠢ ᠶᠢᠨ ᠵᠢᠭᠠᠰᠤ ᠢᠳᠡᠵᠣ᠂ ᠡᠳᠦᠷ ᠳᠣᠲᠣᠮ ᠤᠨ ᠢᠳᠡᠬᠦ ᠨᠣᠭᠤᠭᠠᠨ ᠳᠠᠭᠠᠨ ᠮᠦᠭᠦ ᠵᠡᠷᠭᠡ ᠶᠢ n ᠢᠯᠡᠭᠦᠬᠡᠨ ᠢᠳᠡᠪᠡᠯ ᠰᠢᠳᠦᠨ ᠤ ᠡᠷᠡᠭᠦᠯᠵᠢᠯ ᠳᠤ ᠮᠠᠰᠢ ᠲᠤᠰᠠᠲᠠᠢ᠃       ᠸᠢᠲ᠋ᠠᠮᠢᠨ E᠃ ᠸᠢᠲ᠋ᠠᠮᠢᠨ E ᠪᠣᠯ ᠨᠢᠭᠡ ᠵᠦᠢᠯ ᠤᠨ ᠢᠰᠦᠯᠳᠦᠬᠦ ᠶᠢ ᠬᠤᠷᠢᠭᠯᠠᠬᠤ ᠡᠳ᠋ ᠶᠤᠮ  ᠂ ᠲᠡᠷᠡ ᠨᠢ ᠠᠮᠠᠨ ᠤ ᠬᠦᠨᠳᠡᠢ ᠶᠢᠨ ᠪᠠᠺᠲ᠋ᠧᠷᠢ ᠶᠢᠨ ᠬᠡᠮᠵᠢᠶ᠎ᠡ ᠶᠢ ᠬᠢᠵᠠᠭᠠᠷᠯᠠᠳᠠᠭ ᠲᠤᠯᠠ ᠰᠢᠳᠦᠨ ᠤ ᠡᠷᠡᠭᠦᠯᠵᠢᠯ ᠳᠤ ᠮᠠᠰᠢ ᠴᠢᠬᠤᠯᠠ ᠪᠠᠶᠢᠳᠠᠭ᠃ ᠴᠡᠴᠡᠭᠳᠦ ᠪᠦᠭᠡᠷᠡᠩᠬᠡᠢ ᠴᠠᠭᠠᠨ ᠨᠤᠭᠤᠭ᠎ᠠ᠂ ᠪᠦᠸᠧᠽᠠᠢ ᠪᠠ ᠡᠯ᠎ᠡ ᠵᠦᠢᠯ ᠤᠨ ᠬᠠᠲᠠᠭᠤ ᠬᠠᠯᠢᠰᠤᠳᠦ ᠵᠢᠮᠢᠰ ᠲᠤᠮᠲᠠ ᠸᠢᠲ᠋ᠠᠮᠢᠨ E ᠡᠯᠪᠡᠭ   ᠠᠭᠤᠯᠣᠭᠳᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号