ᠰᠦᠷᠯᠢᠭ ᠭᠠᠶᠢᠬᠠᠮᠰᠢᠬᠳᠣ ᠪᠤᠬᠳᠠ ᠠᠭᠤᠯᠠ
ᠨᠡᠶᠢᠲᠡᠯᠡᠭᠰᠡᠨ ᠴᠠᠭ᠄
2018/6/28
ᠰᠦᠷᠯᠢᠭ ᠭᠠᠶᠢᠬᠠᠮᠰᠢᠬᠳᠣ ᠪᠤᠬᠳᠠ ᠠᠭᠤᠯᠠ   ᠪᠤᠬᠳᠠ ᠠᠭᠤᠯᠠ ᠨᠢᠭᠡᠨ ᠪᠤᠰᠤᠭ᠎ᠠ ᠠᠷᠰᠯᠠᠨ ᠰᠢᠭ᠋ ᠵᠠᠯᠠᠶᠢᠳ ᠨᠤᠳᠤᠭ ᠲᠤ ᠰᠦᠨᠳᠡᠷᠯᠡᠨ᠂ ᠡᠨᠡᠬᠦ ᠲᠠᠩᠰᠤᠭ ᠲᠠᠷᠬᠠᠨ ᠤᠷᠤᠨ ᠢᠶᠠᠨ ᠰᠠᠬᠢᠨ ᠬᠠᠮᠠᠭᠠᠯᠠᠵᠤ ᠪᠠᠶᠢᠳᠠᠭ ᠰᠠᠨ᠃ ᠪᠤᠬᠳᠠ ᠠᠭᠤᠯᠠ ᠪᠣᠯ ᠵᠠᠯᠠᠶᠢᠳ ᠬᠤᠰᠢᠭᠤᠨ ᠤ ᠪᠡᠯᠭᠡ ᠳᠡᠮᠳᠡᠭ ᠪᠠ ᠤᠮᠤᠬᠰᠢᠯ ᠪᠤᠯᠤᠨ᠎ᠠ᠃ ᠪᠤᠬᠳᠠ ᠠᠭᠤᠯᠠ ᠪᠣᠯ ᠶᠡᠭᠡ ᠬᠢᠩᠭᠠᠨ ᠳᠠᠪᠠᠭᠠᠨ ᠤ ᠰᠠᠯᠪᠤᠷᠢ ᠨᠢᠷᠤᠭᠤ ᠶᠢᠨ ᠦᠷᠬᠦᠯᠵᠢᠯᠡᠯ ᠪᠠᠶᠢᠵᠤ ᠬᠤᠯᠠ ᠠᠴᠠ ᠬᠠᠷᠠᠬᠤ ᠳᠤ ᠬᠠᠨᠠᠭᠠᠷ᠂ ᠤᠶᠢᠷᠠᠳᠤᠭᠠᠳ ᠦᠵᠡᠪᠡᠯ ᠲᠡᠨᠢᠭᠡᠷ᠂ ᠪᠤᠬᠳᠠ ᠠᠭᠤᠯᠠ ᠠᠰᠬ᠎ᠠ ᠪᠤᠰᠤᠭ᠎ᠠ ᠡᠭᠴᠡ ᠰᠦᠷᠯᠢᠭ ᠠᠭᠤᠯᠠ‌ᠬᠠᠳᠠ ᠪᠠᠷ ᠪᠦᠷᠢᠯᠳᠦᠵᠦ  ᠂ ᠭᠠᠵᠡᠷ ᠤᠨ ᠭᠠᠳᠠᠷᠭᠤ ᠶᠢᠨ ᠪᠦᠷᠢᠯᠳᠦᠴᠡ ᠨᠢ ᠲᠤᠩ ᠤᠨᠴᠠᠭᠠᠢ ᠪᠠᠶᠢᠳᠠᠭ᠂ ᠬᠠᠴᠢᠨ ᠴᠢᠯᠠᠭᠤ ᠰᠤᠨᠢᠨ ᠭᠠᠶᠢᠬᠠᠯᠳᠠᠢ ᠬᠠᠳᠠ ᠤᠷᠬᠢᠯ᠂ ᠠᠭᠤᠢ ᠬᠦᠨᠳᠡᠢ ᠪᠤᠯᠤᠨ  ᠬᠠᠨᠠᠭᠠᠷ ᠵᠤᠵᠠᠭᠠᠨ‌ᠤᠢ ᠮᠤᠳᠤ᠂ ᠪᠡᠯᠴᠢᠭᠡᠷ ᠲᠠᠯ᠎ᠠ ᠂ ᠨᠠᠭᠤᠷ ᠲᠤᠭᠤᠷᠢᠮ᠂ ᠡᠯᠪᠡᠭ ᠤᠯᠠᠨ ᠤᠷᠭᠤᠮᠠᠯ ᠠᠮᠢᠳᠠᠨ   ᠢᠶᠠᠷ ᠲᠦᠭᠦᠷᠡᠩ᠃ ᠪᠤᠷᠤᠭᠠᠨ ᠤ ᠤᠯᠠᠷᠢᠯ ᠪᠤᠯᠤᠬᠰᠠᠭᠠᠷ ᠪᠤᠬᠳᠠ ᠠᠭᠤᠯᠠᠨ ᠳᠤ ᠤᠨᠢᠶᠠᠷ ᠮᠠᠨᠠᠨ ᠠᠭᠤᠯᠠᠨ ᠲᠤᠯᠤᠭᠠᠢ ᠶᠢ ᠰᠠᠮᠨᠠᠨ ᠦᠨᠡᠬᠡᠷ ᠨᠢᠭᠡᠨ ᠠᠷᠰᠢ ᠶᠢᠨ ᠤᠷᠤᠨ ᠳᠤ ᠬᠦᠷᠦᠭᠰᠡᠨ ᠬᠡᠮᠡᠷᠬᠡᠨ᠃ ᠲᠩᠷᠢ ᠨᠢ ᠴᠡᠯᠮᠡᠶᠢᠵᠦ ᠨᠠᠷᠠ ᠨᠢ ᠲᠤᠩᠭᠠᠯᠠᠭ ᠡᠳᠦᠷ ᠵᠦᠢᠯ ‍ᠤᠨ‌‍ᠰᠢᠪᠠᠭᠤᠳ ᠵᠡᠷᠭᠡᠳᠦᠨ ᠳᠤᠩᠭᠤᠳᠴᠦ ᠡᠯᠢᠶ᠎ᠡ ᠪᠦᠷᠭᠦᠳ ᠡᠷᠭᠢᠯᠳᠦᠨ ᠤᠮᠠᠷ᠎ᠠ ᠨᠤᠳᠤᠭ ᠤᠨ ᠬᠦᠨᠳᠡᠭᠳᠡᠭᠡ ᠦᠭᠡᠢ ᠪᠠᠶᠢᠭᠠᠯᠢ ᠶᠢ ᠬᠦᠮᠦᠰ ᠤᠨ ᠬᠠᠷᠠᠭᠠᠨ᠎ᠠ ᠲᠡᠯᠭᠡᠨ᠎ᠡ᠃ ᠪᠤᠬᠳᠠ ᠠᠭᠤᠯᠠᠨ ᠤ ᠦᠵᠡᠮᠦᠷᠢ ᠶᠢᠨ ᠤᠷᠤᠨ ᠳᠤ᠄ ᠰᠡᠶᠢᠯᠦᠮᠡᠯ ᠬᠠᠳᠠ᠂ ᠶᠢᠰᠦᠨ ᠰᠦᠪᠡ᠂ ᠵᠠᠩᠵᠤᠨ ᠬᠠᠳᠠ᠂ ᠠᠷᠰᠢ ᠶᠢᠨ ᠠᠭᠤᠢ᠂ ᠬᠡᠶᠢᠮᠤᠷᠢ ᠬᠠᠳᠠ᠂ ᠤᠪᠤᠭ᠎ᠠ᠂ ᠴᠦᠬᠦᠷᠦᠮ ᠵᠡᠷᠭᠡ ᠤᠯᠠᠨ ᠠᠷᠪᠢᠨ ᠦᠵᠡᠮᠦᠷᠢ ᠪᠠᠶᠢᠳᠠᠭ᠃  ᠪᠤᠬᠳᠠ ᠠᠭᠤᠯᠠ ᠪᠣᠯ ᠳᠤᠮᠳᠠᠳᠤ ᠤᠯᠤᠰ ᠤᠨ ᠴᠤᠷᠢ ᠶᠢᠨ ᠭᠠᠭᠴᠠ ᠦᠭᠡᠯᠦᠨ ᠬᠠᠳᠤᠨ ᠢ ᠳᠠᠬᠢᠵᠦ ᠪᠠᠶᠢᠭ᠎ᠠ ᠠᠭᠤᠯᠠ ᠪᠤᠯᠤᠨ᠎ᠠ᠂ ᠡᠶᠢᠮᠦ ᠠᠴᠠ ᠬᠦᠮᠦᠰ ᠡᠷᠲᠡᠨ ᠠᠴᠠ ᠨᠠᠰᠢ ᠲᠤᠰ ᠠᠭᠤᠯᠠ ᠪᠠᠨ ᠡᠬᠡ ᠳᠤᠶ᠋ᠢᠩ ᠠᠭᠤᠯᠠ ᠭᠡᠵᠤ ᠭᠦᠨᠳᠦᠳᠭᠡᠨ ᠳᠠᠭᠤᠳᠠᠳᠠᠭ ᠰᠠᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号