ᠴᠤᠤᠯ ᠭᠤᠤᠯ ᠤᠨ ᠤᠶᠠᠩᠭᠠᠳᠣ ᠠᠶᠢᠵᠠᠮ
ᠨᠡᠶᠢᠲᠡᠯᠡᠭᠰᠡᠨ ᠴᠠᠭ᠄
2018/6/25
ᠴᠤᠤᠯ ᠭᠤᠤᠯ ᠤᠨ ᠤᠶᠠᠩᠭᠠᠳᠣ ᠠᠶᠢᠵᠠᠮ     ᠴᠤᠤᠯ ᠭᠤᠤᠯ ᠤᠭᠠᠯᠵᠠᠯᠠᠨ ᠡᠮᠵᠢᠶᠡᠷᠯᠡᠭᠰᠡᠨ ᠲᠤᠷᠭᠠᠨ ᠬᠠᠳᠠᠭ ᠰᠢᠭ᠋ ᠤᠶᠠᠩᠭᠠᠷᠠᠨ ᠠᠯᠳᠠᠯᠠᠩᠬᠠᠨ᠂  ᠳᠤᠬᠤᠶᠢᠷᠠᠨ ᠮᠤᠰᠭᠢᠷᠤᠯᠳᠤᠩᠬᠠᠨ ᠵᠠᠯᠠᠶᠢᠳ ᠬᠤᠰᠢᠭᠤᠨ ᠤ ᠪᠦᠬᠦ ᠨᠤᠳᠤᠭ ᠢ ᠲᠤᠭᠤᠯᠤᠨ ᠣᠷᠣᠰᠣᠨ᠎ᠠ᠃   ᠵᠠᠯᠠᠶᠢᠳ ᠬᠤᠰᠢᠭᠤᠨ ᠤ ᠡᠵᠢ ᠭᠤᠤᠯ ᠪᠤᠯᠤᠬᠰᠠᠨ ᠴᠤᠤᠯ ᠭᠤᠤᠯ ᠪᠣᠯ ᠦᠪᠤᠷ ᠮᠤᠩᠭᠤᠯ ᠤᠨ ᠬᠤᠶᠠᠳᠤᠭᠠᠷ ᠲᠤᠮᠤ ᠭᠤᠤᠯ ᠪᠤᠯᠤᠨ᠎ᠠ᠃ ᠴᠤᠤᠯ ᠭᠤᠤᠯ ᠵᠠᠯᠠᠶᠢᠳ ᠬᠤᠰᠢᠭᠤᠨ ᠤ ᠬᠢᠯᠢ ᠳᠠᠬᠢ ᠣᠷᠤᠰᠬᠠᠯ ᠨᠢ 200 ᠭᠠᠷᠤᠢ ᠺᠢᠯᠦᠮᠧᠲᠷ ᠪᠠᠶᠢᠵᠤ ᠪᠠᠷᠠᠭᠤᠨ ᠬᠤᠶᠢᠨ᠎ᠠ ᠠᠴᠠ ᠵᠡᠭᠦᠨ ᠡᠮᠦᠨᠡᠰᠢ ᠵᠦᠭ ᠪᠦᠬᠦᠶᠢᠯᠡ ᠵᠠᠯᠠᠶᠢᠳ ᠬᠤᠰᠢᠭᠤ ᠶᠢ ᠳᠤᠭᠤᠯᠤᠨ ᠣᠷᠣᠰᠴᠤ ᠪᠠᠶᠢᠳᠠᠭ᠃ ᠣᠰᠤᠨ ᠤ ᠨᠢᠭᠤᠷ ᠤᠨ ᠲᠠᠯᠠᠪᠠᠢ ᠨᠢ 6756 ᠳᠡᠭᠰᠢ ᠳᠦᠷᠪᠡᠯᠵᠢᠨ‌‍ᠺᠢᠯᠦᠮᠧᠲᠷ᠂ ᠶᠡᠷᠦᠩᠬᠡᠢ ᠤᠷᠤᠰᠬᠠᠯ ᠤᠨ ᠬᠡᠮᠵᠢᠶ᠎ᠡ ᠨᠢ 24.11 ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ ᠪᠠᠶᠢᠳᠠᠭ᠃    ᠴᠤᠤᠯ ᠭᠤᠤᠯ ᠡᠷᠳᠡ ᠤᠵᠤᠭᠤᠷ ᠤᠨ ᠲᠡᠤᠬᠡ ᠰᠤᠶᠤᠯ ᠢ ᠪᠢᠴᠢᠭᠯᠡᠨ᠂ ᠠᠬᠳᠠ ᠶᠢᠨ ᠨᠢᠷᠤᠭᠤ ᠠᠨᠳᠠ ᠶᠢᠨ ᠵᠢᠷᠤᠮ ᠳᠤ ᠪᠤᠰᠬᠠᠬᠳᠠᠬᠰᠠᠨ ᠪᠤᠴᠠᠰᠢ ᠦᠭᠡᠢ ᠦᠨᠡᠨ ᠲᠡᠤᠬᠡ ᠶᠢ ᠲᠡᠮᠳᠡᠭᠯᠡᠵᠦ᠂ ᠵᠠᠯᠠᠶᠢᠳ ᠨᠤᠳᠤᠭ ᠤᠨ ᠠᠭᠤᠳᠠᠯᠠᠭᠠᠳ ᠪᠠᠷᠠᠰᠢ ᠦᠭᠡᠢ ᠰᠤᠶᠤᠯ ᠤᠨ ᠦᠪ ᠬᠦᠷᠦᠩᠭᠡ ᠶᠢ ᠬᠦᠮᠦᠷᠭᠡᠯᠡᠨ ᠦᠯᠡᠳᠡᠭᠡᠵᠡᠢ᠃   ᠴᠤᠤᠯ ᠭᠤᠤᠯ ᠶᠡᠭᠡ ᠬᠢᠩᠭᠠᠨ ᠲᠠᠪᠠᠭᠠᠨ ᠤ ᠪᠠᠯᠠᠷ ᠲᠠᠶᠢᠭ᠎ᠠ ᠠᠴᠠ ᠡᠬᠢ ᠠᠪᠴᠤ ᠵᠠᠮ ᠲᠤᠷᠰᠢᠳᠠ ᠰᠤᠵᠠᠭ ᠤᠨ ᠤᠰᠤᠨ ᠲᠤᠩᠭᠠᠯᠠᠭ ᠭᠤᠷᠤᠬ᠎ᠠ ᠶᠢ ᠬᠤᠮᠤᠷᠭᠠᠳᠠᠨ ᠨᠡᠶᠢᠯᠡᠭᠦᠯᠵᠦ ᠬᠤᠷᠢᠬᠯᠠᠬᠳᠠᠰᠢ ᠦᠭᠡᠢ ᠤᠷᠤᠰᠬᠠᠯ ᠪᠤᠯᠤᠨ ᠲᠠᠪᠠᠯᠭᠠᠯᠠᠬᠰᠠᠨ᠃ ᠡᠷᠬᠢ ᠳᠠᠭᠠᠤ ᠠᠭᠤᠯᠠᠷᠬᠠᠭ ᠭᠠᠵᠠᠷ᠂ ᠳᠣᠪᠣᠷᠬᠠᠭ ᠭᠠᠵᠠᠷ᠂ ᠲᠠᠯ᠎ᠠ ᠭᠠᠵᠠᠷ ᠰᠦᠯᠵᠢᠯᠳᠦᠨ ᠵᠠᠯᠭᠠᠯᠳᠤᠵᠤ ᠴᠤᠤᠯ ᠭᠤᠤᠯ ᠤᠨ ᠦᠵᠡᠮᠦᠷᠢ ᠶᠢᠨ ᠪᠦᠰᠡ ᠶᠢ  ᠪᠦᠷᠢᠯᠳᠦᠭᠦᠯᠵᠦ ᠦᠭᠭᠦᠭᠰᠡᠨ ᠠᠴᠠ ᠦᠨᠳᠦᠰᠦᠳᠡᠨ  ᠤ ᠠᠮᠢᠳᠤᠷᠠᠯ ᠦᠢᠯᠡ᠂  ᠬᠤᠪᠤᠷ ᠴᠤᠬᠠᠭ ᠠᠮᠢᠳᠠᠨ ᠣᠷᠭᠤᠮᠠᠯ᠂ ᠲᠠᠷᠭᠤ ᠰᠠᠶᠢᠳᠠᠢ ᠮᠠᠯ ᠰᠦᠷᠦᠭ᠂ ᠲᠠᠩᠰᠤᠭ ᠤᠨᠠᠯᠳᠠ ᠲᠠᠢ ᠲᠠᠷᠢᠶ᠎ᠡ ᠲᠦᠮᠦᠰᠦ ᠵᠡᠷᠭᠡ ᠨᠢ ᠵᠤᠭᠠᠴᠠᠬᠰᠠᠳ ᠲᠤ ᠬᠡᠮᠵᠢᠶᠡᠯᠡᠰᠢ ᠦᠭᠡᠢ ᠰᠤᠭᠳᠤᠭᠤᠷᠠᠯ ᠢ ᠤᠯᠭᠤᠵᠤ ᠦᠭᠳᠡᠭ ᠰᠠᠨ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号