ᠪ᠊ · ᠯᠾᠬᠠᠪᠠᠰᠦ᠋ᠷᠦᠩ | ᠪᠢ | ᠢᠵᠢᠢ ᠶᠢ ᠮᠢᠨᠢ ᠲᠦᠷᠦᠬᠦ ᠭᠡᠵᠦ ᠶᠤᠤᠯᠠᠬᠤ ᠳᠤ᠂ ᠵᠠᠭᠤᠨ ᠴᠡᠴᠡᠭ ᠤᠨ ᠲᠡᠯᠪᠡᠭᠡ ᠲᠠᠰᠤᠷᠠᠭᠰᠠᠨ ᠨᠠᠮ᠎ᠠ ᠶᠢ | ᠲᠦᠷᠦᠭᠡᠳ ᠴᠢᠷᠠᠯᠠᠬᠤ ᠳᠤ᠂ ᠮᠢᠩᠭᠠᠨ ᠴᠡᠴᠡᠭ ᠴᠤᠮᠤᠷᠯᠢᠭ ᠢᠶᠠᠨ ᠲᠡᠯᠭᠡᠵᠡᠢ︕ ᠨᠠᠮ᠎ᠠ ᠶᠢ ᠲᠦᠷᠦᠯ᠎ᠡ ᠭᠡᠵᠦ | ᠲᠡᠯᠡᠬᠡᠢ ᠶᠢᠨ ᠵᠢᠩ ᠨᠡᠮᠡᠭᠳᠡᠭᠡ ᠦᠭᠡᠢ ᠴᠦ ᠪᠢ ᠶᠠᠭᠠᠬᠢᠬᠤ ᠶᠢᠨ ᠠᠷᠭ᠎ᠠ ᠦᠭᠡᠢ ᠨᠡᠮᠡᠭᠳᠡᠬᠦᠨ︕ ᠪᠢ ᠭᠠᠵᠠᠷ | ᠲᠡᠭᠷᠢ ᠶᠢᠨ ᠬᠦᠦ᠂ ᠲᠤᠷᠠᠳᠬᠠᠯ ᠮᠠᠷᠭᠠᠰᠢ ᠬᠤᠶᠠᠷ ᠤᠨ ᠬᠡᠯᠬᠢᠶ᠎ᠡ ᠲᠠᠭᠤᠤ ᠨᠢᠯᠪᠤᠰᠤ ᠬᠤᠶᠠᠷ ᠤᠨ ᠭᠤᠯᠳᠤᠷᠢᠭ᠂ | ᠲᠦᠷᠦᠬᠦ ᠦᠬᠦᠬᠦ ᠶᠢᠨ ᠲᠤᠮᠳᠠᠬᠢ ᠪᠤᠳᠠᠭᠠᠯᠢ ᠭᠡᠷᠡᠯ ᠰᠡᠭᠦᠳᠡᠷ ᠤᠨ ᠴᠤᠭᠴᠠ︕ ᠦᠪᠡᠷ ᠢ ᠪᠠᠨ ᠡᠯᠡᠭᠡᠵᠦ᠂ | ᠦᠷᠦᠭᠡᠯ ᠢ ᠢᠷᠯᠡᠵᠦ ᠲᠠᠭᠤᠰᠬᠤ ᠦᠨᠵᠢᠭᠦᠯ ᠤᠨ ᠴᠡᠩᠬᠡᠷ ᠪᠢᠯᠡᠭᠦᠨ ᠤ ᠬᠡᠯᠳᠡᠷᠬᠡᠢ︕ ᠪᠢ · ᠲᠤᠤᠷ᠎ᠠ ᠪᠠᠨ | ᠡᠷᠭᠢᠯᠳᠦᠬᠦ ᠡᠳᠦᠷ ᠰᠦᠨᠢ ᠨᠠᠷᠠ ᠶᠢ ᠵᠢᠯ ᠳᠡᠭᠡᠨ ᠨᠢᠭᠡ ᠲᠤᠭᠤᠷᠢᠬᠤ ᠭᠠᠵᠠᠷ ᠤᠨ ᠬᠠᠭᠠᠨ ᠨᠠᠮ᠎ᠠ ᠶᠢ ᠲᠡᠪᠡᠷᠢᠬᠦ | ᠭᠡᠵᠦ ᠢᠷᠠᠭᠳᠠᠭᠰᠠᠨ ᠭᠠᠵᠠᠷ ᠤᠨ ᠰᠢᠷᠬ᠎ᠠ ᠶᠢ ᠨᠠᠷᠠ ᠠᠯᠳᠠᠨ ᠤᠳᠠᠰᠤ ᠪᠠᠷ ᠬᠦᠪᠦᠷᠢᠳᠬᠦ ᠶᠢᠨ ᠴᠠᠭ ᠲᠤ ᠪᠢ | ᠬᠠᠰᠤᠭᠳᠠᠬᠤᠨ︕ | | |