ᠵᠠᠯᠠᠶᠢᠳ ᠬᠤᠰᠢᠭᠤ ᠶᠢᠨ ᠠᠷᠠᠳ ᠤᠨ ᠵᠠᠰᠠᠭ ᠤᠨ ᠤᠷᠳᠤᠨ ᠤ ︽ᠵᠠᠯᠠᠶᠢᠳ ᠬᠤᠰᠢᠭᠤᠨ ᠤ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠤ ᠬᠡᠷᠡᠭᠵᠢᠭᠦᠯᠬᠦ ᠲᠦᠯᠦᠪᠯᠡᠭᠡ ︵2016 — 2020 ᠤᠨ︶︾ ᠶᠢ ᠬᠡᠪᠯᠡᠨ ᠲᠠᠷᠬᠠᠭᠠᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2018-06-10
ᠵᠠᠯᠠᠶᠢᠳ ᠬᠤᠰᠢᠭᠤ ᠶᠢᠨ ᠠᠷᠠᠳ ᠤᠨ ᠵᠠᠰᠠᠭ ᠤᠨ ᠤᠷᠳᠤᠨ ᠤ ︽ᠵᠠᠯᠠᠶᠢᠳ ᠬᠤᠰᠢᠭᠤᠨ ᠤ ᠪᠦᠬᠦ ᠠᠷᠠᠳ ᠤᠨ ᠪᠡᠶ᠎ᠡ   ᠪᠤᠯᠪᠠᠰᠤᠷᠠᠬᠤ ᠠᠵᠢᠯᠯᠠᠭᠠᠨ ᠤ ᠬᠡᠷᠡᠭᠵᠢᠭᠦᠯᠬᠦ ᠲᠦᠯᠦᠪᠯᠡᠭᠡ ︵2016 — 2020 ᠤᠨ︶︾ ᠶᠢ ᠬᠡᠪᠯᠡᠨ   ᠲᠠᠷᠬᠠᠭᠠᠬᠤ ᠲᠤᠬᠠᠢ ᠮᠡᠳᠡᠭᠳᠡᠯ ᠡᠯ᠎ᠡ   ᠰᠤᠮᠤ᠂ ᠰᠢᠶᠠᠩ᠂ ᠪᠠᠯᠭᠠᠰᠦ ᠶᠢᠨ ᠠᠷᠠᠳ ᠤᠨ ᠵᠠᠰᠠᠭ ᠤᠨ ᠤᠷᠳᠤᠨ᠂ ᠦᠷ᠎ᠡ ᠶᠢᠨ ᠮᠠᠯ ᠤᠨ ᠲᠠᠯᠠᠪᠠᠢ᠂   ᠬᠤᠰᠢᠭᠤᠨ ᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠂ ᠡᠯ᠎ᠡ ᠰᠢᠭᠤᠳ ᠬᠠᠮᠢᠶᠠᠷᠤᠯᠲᠠ ᠶᠢᠨ ᠨᠢᠭᠡᠴᠡ᠂ ᠡᠯ᠎ᠡ   ᠠᠷᠠᠳ ᠤᠨ ᠪᠦᠯᠬᠦᠮ᠄       ᠤᠳᠤ᠂ ︽ᠵᠠᠯᠠᠶᠢᠳ ᠬᠤᠰᠢᠭᠤᠨ ᠤ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠤ ᠬᠡᠷᠡᠭᠵᠢᠭᠦᠯᠬᠦ   ᠲᠦᠯᠦᠪᠯᠡᠭᠡ ︵2016 — 2020 ᠤᠨ︶︾ ᠶᠢ ᠬᠡᠪᠯᠡᠨ ᠲᠡᠷᠬᠠᠭᠠᠵᠦ ᠲᠠᠨᠤᠰ ᠲᠤ ᠦᠭᠭᠦᠶ᠎ᠡ᠂ ᠦᠪᠡᠷ ᠤᠨ   ᠪᠤᠲᠠᠲᠠᠢ ᠲᠠᠢ ᠪᠠᠨ ᠤᠶᠠᠯᠳᠤᠭᠤᠯᠵᠦ᠂ ᠨᠠᠷᠢᠨ ᠬᠢᠨᠠᠮᠠᠭᠠᠢ ᠲᠤᠤᠱᠯᠠᠭᠤᠯᠤᠨ ᠭᠦᠢᠴᠡᠳᠭᠡᠷᠡᠢ᠃                                                                 2016 ᠤᠨ ᠤ 12 ᠰᠠᠷ᠎ᠠ ᠶᠢᠨ 20 ᠤ ᠡᠳᠦᠷ                 ᠵᠠᠯᠠᠶᠢᠳ ᠬᠤᠰᠢᠭᠤᠨ ᠤ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭ᠎ᠠ ᠶᠢᠨ ᠬᠡᠷᠡᠭᠵᠢᠭᠦᠯᠬᠦ ᠲᠦᠯᠦᠪᠯᠡᠭᠡ ︵2016 — 2020 ᠤᠨ︶           ᠪᠦᠬᠦ ᠠᠷᠠᠳ ᠤᠨ ᠪᠡᠶ᠎ᠡ ᠪᠤᠯᠪᠠᠰᠤᠷᠠᠯ ᠪᠤᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠶᠢᠨ   ᠴᠢᠬᠤᠯᠠ ᠪᠦᠷᠢᠯᠳᠦᠭᠦᠨ ᠬᠡᠰᠡᠭ   ᠪᠦᠭᠡᠳ ᠡᠷᠬᠡᠲᠦ ᠠᠷᠠᠳ ᠤᠨ ᠡᠷᠡᠭᠦᠯ ᠮᠡᠨᠳᠦ ᠶᠢᠨ ᠰᠠᠭᠤᠷᠢ ᠬᠢᠭᠡᠳ ᠪᠠᠲᠦᠯᠠᠪᠦᠷᠢ   ᠪᠤᠯᠤᠨ᠎ᠠ᠃ ᠪᠦᠬᠦ ᠠᠷᠠᠳ ᠤᠨ ᠪᠡᠶ᠎ᠡ ᠪᠤᠯᠪᠠᠰᠤᠷᠠᠯ ᠤᠨ ᠦᠢᠯᠡᠰ ᠤᠨ ᠬᠦᠭᠵᠢᠯᠲᠡ ᠶᠢ ᠤᠯᠠᠮ ᠨᠢᠭᠡ ᠠᠯᠬᠤᠮ ᠲᠦᠯᠬᠢᠨ   ᠠᠬᠢᠭᠤᠯᠵᠦ᠂ ᠠᠷᠠᠳ ᠲᠦᠮᠡᠨ ᠤᠯᠠᠨ ᠨᠡᠶᠢᠲᠡ ᠶᠢᠨ ᠪᠡᠶ᠎ᠡ ᠶᠢᠨ ᠬᠡᠪ ᠪᠤᠯᠪᠠᠰᠤᠷᠠᠯ ᠪᠤᠯᠤᠨ ᠡᠷᠡᠭᠦᠯ ᠮᠡᠨᠳᠦ ᠶᠢᠨ ᠬᠢᠷᠢ   ᠲᠦᠪᠰᠢᠨ ᠢ ᠤᠯᠠᠮ ᠴᠢᠨᠠᠭᠰᠢᠳᠠ ᠳᠡᠭᠡᠭᠰᠢᠯᠡᠭᠦᠯᠬᠦ ᠪᠠᠷ᠂ ︽ᠬᠢᠩᠭᠠᠨ ᠠᠶᠢᠮᠠᠭ  ᠤᠨ ᠵᠠᠬᠢᠷᠭ᠎ᠠ ᠶᠢᠨ ︿ᠬᠢᠩᠭᠠᠨ ᠠᠶᠢᠮᠠᠭ   ᠤᠨ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠤ ᠬᠡᠷᠡᠭᠵᠢᠭᠦᠯᠬᠦ ᠲᠦᠯᠦᠪᠯᠡᠭᠡ﹀ ᠶᠢ ᠬᠡᠪᠯᠡᠨ ᠲᠠᠷᠬᠠᠭᠠᠬᠤ   ᠲᠤᠬᠠᠢ ᠮᠡᠳᠡᠭᠳᠡᠯ︾ ︵ᠬᠢᠩᠭᠠᠨ ᠵᠠᠬᠢᠷᠭ᠎ᠠ ᠦᠰᠦᠭ ﹇2016﹈ 217 ᠨᠤᠮᠧᠷ︶ ᠢ ᠦᠨᠳᠦᠰᠦᠯᠡᠵᠦ᠂ ᠮᠠᠨ ᠤ   ᠬᠤᠰᠢᠭᠤᠨ ᠤ ᠪᠤᠲᠠᠲᠠᠢ ᠪᠠᠶᠢᠳᠠᠯ ᠲᠠᠢ ᠪᠠᠨ ᠤᠶᠠᠯᠳᠤᠭᠤᠯᠵᠦ᠂ ᠲᠤᠰ ᠬᠡᠷᠡᠭᠵᠢᠭᠦᠯᠬᠦ ᠲᠦᠯᠦᠪᠯᠡᠭᠡ ᠶᠢ ᠲᠤᠭᠲᠠᠭᠠᠪᠠ᠃             ᠨᠢᠭᠡ᠂ ᠵᠢᠯᠤᠭᠤᠳᠬᠤ ᠦᠵᠡᠯ ᠰᠠᠨᠠᠭ᠎ᠠ           ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠤᠯᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ   ᠭᠤᠷᠪᠠᠳᠤᠭᠠᠷ᠂ ᠳᠦᠷᠪᠡᠳᠦᠭᠡᠷ᠂ ᠲᠠᠪᠤᠳᠤᠭᠠᠷ᠂ ᠵᠢᠷᠭᠤᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ   ᠪᠠᠷ ᠲᠤᠤᠱᠯᠠᠭᠤᠯᠤᠨ ᠨᠠᠶᠢᠳᠠᠪᠦᠷᠢᠵᠢᠭᠤᠯᠵᠦ᠂ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶᠠᠨ ᠤ   ᠵᠤᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠦ᠂ ᠰᠢᠨᠵᠢᠯᠡᠬᠦ ᠤᠬᠠᠭᠠᠨᠴᠢ ᠬᠦᠭᠵᠢᠯᠲᠡ ᠶᠢᠨ ᠦᠵᠡᠯᠲᠡ ᠪᠠᠷ   ᠵᠢᠯᠤᠭᠤᠳᠤᠯᠭ᠎ᠠ ᠪᠠᠨ ᠪᠤᠯᠭᠠᠵᠦ᠂ ︽ᠳᠦᠷᠪᠡᠨ ᠪᠦᠬᠦ ᠲᠠᠯ᠎ᠠ︾  ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠲᠠ   ᠢᠶᠠᠷ ᠶᠡᠷᠦᠩᠬᠡᠶᠢᠯᠡᠨ ᠵᠢᠯᠤᠭᠤᠳᠴᠤ᠂ ᠰᠢᠨ᠎ᠡ ᠶᠢ ᠡᠭᠦᠳᠬᠦ᠂   ᠵᠤᠬᠢᠴᠠᠭᠤᠯᠵᠦ ᠲᠤᠬᠢᠷᠠᠭᠤᠯᠬᠤ᠂ ᠪᠤᠬᠢᠷᠲᠤᠯ ᠦᠭᠡᠢ᠂   ᠴᠢᠯᠦᠭᠡᠲᠡᠢ ᠶᠠᠪᠤᠯᠴᠠᠬᠤ᠂ ᠬᠠᠮᠲᠦᠪᠡᠷ ᠡᠳ᠋ᠯᠡᠬᠦ ᠶᠢᠨ ᠬᠦᠭᠵᠢᠯᠲᠡ ᠶᠢᠨ ᠤᠶᠢᠯᠠᠭᠠᠭᠳᠠᠬᠤᠨ ᠢ ᠪᠠᠲᠦ ᠪᠤᠢ ᠪᠤᠯᠭᠠᠵᠦ᠂   ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠠᠵᠢᠯ   ﹇33533﹈ ᠬᠦᠭᠵᠢᠯᠲᠡ ᠶᠢᠨ ᠰᠡᠳᠭᠢᠴᠡ ᠶᠢᠨ   ᠲᠤᠭᠤᠷᠢᠨ ᠳᠤ᠂ ᠠᠷᠠᠳ ᠤᠨ ᠪᠡᠶ᠎ᠡ ᠮᠠᠬᠠᠪᠤᠳ ᠢ ᠴᠢᠩᠭᠠᠷᠠᠭᠤᠯᠬᠤ᠂ ᠤᠯᠠᠨ ᠡᠰᠢᠵᠢᠭᠦᠯᠦᠯᠲᠡ ᠶᠢᠨ ᠪᠦᠬᠦ ᠠᠷᠠᠳ ᠤᠨ   ᠪᠡᠶ᠎ᠡ ᠪᠤᠯᠪᠠᠰᠤᠷᠠᠬᠤ ᠤᠯᠠᠨ ᠨᠡᠶᠢᠲᠡ ᠶᠢᠨ ᠦᠢᠯᠡᠴᠢᠯᠡᠭᠡᠨ ᠤ ᠰᠢᠰᠲ᠋ᠧᠮ ᠢ ᠡᠭᠦᠳᠦᠨ ᠪᠠᠶᠢᠭᠤᠯᠵᠦ᠂ ᠪᠦᠬᠦ ᠠᠷᠠᠳ ᠤᠨ   ᠪᠡᠶ᠎ᠡ ᠪᠤᠯᠪᠠᠰᠤᠷᠠᠬᠤ ᠤᠯᠤᠰ ᠤᠨ ᠪᠠᠶᠢᠯᠳᠤᠬᠤ ᠪᠤᠳᠤᠯᠭ᠎ᠠ ᠶᠢᠨ ᠬᠡᠷᠡᠭᠵᠢᠭᠦᠯᠦᠯᠲᠡ ᠶᠢ ᠠᠬᠢᠭᠤᠯᠵᠦ᠂ ᠬᠦᠯ ᠪᠦᠮᠪᠦᠭᠡᠨ   ᠦᠭᠡᠷᠡᠴᠢᠯᠡᠯᠲᠡ ᠬᠦᠭᠵᠢᠯᠲᠡ  ᠶᠢ ᠲᠦᠯᠬᠢᠨ ᠠᠬᠢᠭᠤᠯᠤᠨ᠎ᠠ᠃ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭ᠎ᠠ ᠶᠢ   ᠦᠷᠭᠡᠨ ᠳᠡᠯᠭᠡᠷᠡᠩᠭᠦᠢ ᠦᠷᠨᠢᠭᠦᠯᠵᠦ᠂ ᠪᠦᠬᠦ ᠠᠷᠠᠳ ᠤᠨ ᠪᠡᠶ᠎ᠡ ᠪᠤᠯᠪᠠᠰᠤᠷᠠᠬᠤ ᠬᠦᠮᠦᠨ ᠠᠮᠠ ᠶᠢ ᠦᠷᠭᠡᠳᠭᠡᠵᠦ᠂ ᠪᠦᠬᠦ   ᠠᠷᠠᠳ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ ᠶᠢᠨ ᠪᠠᠶᠢᠭᠤᠯᠤᠯᠲᠠ ᠪᠤᠯᠤᠨ ᠨᠡᠶᠢᠭᠡᠮ ᠤᠨ ᠪᠡᠶ᠎ᠡ ᠲᠠᠮᠢᠷ ᠤᠨ   ᠵᠢᠯᠤᠭᠤᠳᠤᠭᠴᠢ ᠶᠢᠨ ᠪᠤᠯᠪᠠᠰᠤᠷᠠᠯ ᠢ ᠴᠢᠩᠭᠠᠳᠬᠠᠵᠦ᠂ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠤ   ᠤᠬᠠᠭᠤᠯᠭ᠎ᠠ ᠶᠢᠨ ᠬᠦᠴᠦᠯᠡᠴᠡ ᠶᠢ ᠴᠢᠩᠭᠠᠳᠬᠠᠵᠦ᠂ ᠠᠷᠠᠳ ᠤᠯᠠᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠤᠯᠠᠨ   ᠡᠰᠢᠵᠢᠭᠦᠯᠦᠯᠲᠡ ᠶᠢᠨ ᠪᠡᠶ᠎ᠡ ᠲᠠᠮᠢᠷ ᠤᠨ ᠪᠡᠶ᠎ᠡ ᠪᠤᠯᠪᠠᠰᠤᠷᠠᠬᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠦ᠂ ᠮᠠᠨ ᠤ   ᠬᠤᠰᠢᠭᠤᠨ ᠤ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯ ᠦᠢᠯᠡᠰ ᠤᠨ ᠡᠷᠡᠭᠦᠯ ᠢᠶᠠᠷ ᠲᠤᠬᠢᠷᠠᠮᠵᠢᠲᠠᠢ ᠦᠷᠬᠦᠯᠵᠢᠯᠡᠨ   ᠬᠦᠭᠵᠢᠬᠦ ᠶᠢ ᠲᠦᠯᠬᠢᠨ ᠠᠬᠢᠭᠤᠯᠤᠨ᠎ᠠ᠃       ᠬᠤᠶᠠᠷ᠂ ᠶᠡᠷᠦᠩᠬᠡᠢ ᠵᠤᠷᠢᠯᠲᠠ       ⑴ ᠪᠦᠬᠦ ᠠᠷᠠᠳ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ ᠶᠢᠨ ᠪᠠᠶᠢᠭᠤᠯᠤᠯᠲᠠ ᠶᠢᠨ ᠬᠡᠪᠴᠢᠶ᠎ᠡ  ᠶᠢ   ᠦᠷᠭᠡᠳᠭᠡᠨ᠎ᠡ᠃ 2020 ᠤᠨ ᠪᠤᠯᠲᠠᠯ᠎ᠠ᠂ ᠪᠦᠬᠦ ᠬᠤᠰᠢᠭᠤᠨ ᠤ ᠡᠯ᠎ᠡ ᠲᠦᠷᠦᠯ ᠤᠨ ᠪᠡᠶ᠎ᠡ ᠲᠠᠮᠢᠷ ᠤᠨ ᠲᠠᠯᠠᠪᠦᠷ  600 ᠶᠢ   ᠳᠠᠪᠠᠭᠤᠯᠵᠦ᠂ ᠬᠦᠮᠦᠨ ᠪᠦᠷᠢ ᠳᠤᠮᠳᠠᠴᠢ ᠪᠠᠷ 2.2 ᠲᠡᠭᠰᠢ ᠳᠦᠷᠪᠡᠯᠵᠢᠨ ᠮᠧᠲᠷ ᠪᠡᠶ᠎ᠡ ᠲᠠᠮᠢᠷ ᠤᠨ   ᠲᠠᠯᠠᠪᠦᠷ ᠶᠢ ᠡᠵᠡᠯᠡᠨ᠎ᠡ᠃ ᠬᠤᠰᠢᠭᠤᠨ ᠳᠡᠰ ᠤᠨ ᠬᠢᠨ᠂ ᠪᠦᠬᠦ ᠠᠷᠠᠳ ᠤᠨ ᠪᠡᠶ᠎ᠡ ᠪᠤᠯᠪᠠᠰᠤᠷᠠᠯ ᠤᠨ ᠲᠦᠪ ᠪᠠᠶᠢᠵᠦ᠂   ᠰᠤᠮᠤ ᠰᠢᠶᠠᠩ ᠪᠠᠯᠭᠠᠰᠤᠨ ᠳᠡᠰ ᠤᠨ ᠬᠢᠨ᠂ ᠪᠦᠷ ᠪᠠᠭ᠎ᠠ ᠬᠡᠯᠪᠡᠷᠢ ᠶᠢᠨ ᠪᠦᠬᠦ ᠠᠷᠠᠳ ᠤᠨ ᠪᠡᠶ᠎ᠡ ᠪᠤᠯᠪᠠᠰᠤᠷᠠᠬᠤ ᠲᠦᠪ   ᠪᠠᠶᠢᠵᠦ᠂ ᠭᠠᠴᠠᠭ᠎ᠠ ᠲᠤᠰᠬᠤᠨ ᠤ ᠬᠢᠨ᠂ ᠪᠦᠷ ᠪᠦᠬᠦ ᠠᠷᠠᠳ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ   ᠪᠠᠶᠢᠵᠦ᠂ ᠨᠡᠶᠢᠭᠡᠮ ᠲᠤᠭᠤᠷᠢᠭ ᠤᠨ ᠬᠢᠨ᠂ ᠪᠦᠷ ᠪᠦᠬᠦ ᠠᠷᠠᠳ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ ᠪᠤᠶᠤ   ᠰᠢᠩᠭᠡᠯᠢᠭ ᠮᠠᠶ᠋ᠢᠭ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ ᠪᠠᠶᠢᠵᠦ᠂ ᠰᠢᠨ᠎ᠡ ᠪᠠᠷ ᠪᠠᠶᠢᠭᠤᠯᠤᠭᠰᠠᠨ ᠰᠠᠭᠤᠭᠠᠯᠢ   ᠠᠷᠠᠳ ᠤᠨ ᠨᠡᠶᠢᠭᠡᠮ ᠲᠤᠭᠤᠷᠢᠭ ᠤᠨ ᠬᠢᠨ᠂ ᠪᠦᠬᠦ ᠠᠷᠠᠳ ᠤᠨ ᠪᠡᠶ᠎ᠡ ᠪᠤᠯᠪᠠᠰᠤᠷᠠᠬᠤ ᠲᠤᠨᠤᠭ ᠲᠦᠭᠦᠭᠡᠷᠦᠮᠵᠢ ᠶᠢᠨ   ᠪᠦᠷᠬᠦᠭᠦᠯᠬᠦ ᠨᠤᠷᠮ᠎ᠠ ᠶᠢ 100 % ᠳᠤ ᠬᠦᠷᠭᠡᠬᠦ ᠬᠡᠷᠡᠭᠲᠡᠢ᠃ ᠬᠦᠯ ᠪᠦᠮᠪᠦᠭᠡᠨ ᠤᠨᠴᠠᠯᠢᠲᠦ ᠰᠤᠷᠭᠠᠭᠤᠯᠢ ᠶᠢ ᠪᠦᠬᠦ   ᠬᠤᠰᠢᠭᠤᠨ ᠤ ᠰᠤᠷᠭᠠᠭᠤᠯᠢ ᠶᠢᠨ ᠬᠦᠷᠢᠶᠡᠨ ᠤ 40% ᠠᠴᠠ ᠳᠡᠭᠡᠭᠰᠢᠬᠢ ᠶᠢ ᠡᠵᠡᠯᠡᠭᠦᠯᠦᠨ᠎ᠡ᠃            ⑵ ᠪᠦᠬᠦ ᠠᠷᠠᠳ ᠤᠨ ᠪᠡᠶ᠎ᠡ ᠪᠤᠯᠪᠠᠰᠤᠷᠠᠬᠤ ᠨᠡᠶᠢᠭᠡᠮᠯᠢᠭ ᠤᠨ ᠵᠤᠬᠢᠶᠠᠨ ᠪᠠᠶᠢᠭᠤᠯᠤᠯᠲᠠ ᠶᠢ ᠪᠤᠵᠠᠭᠠᠶᠢᠷᠠᠭᠤᠯᠤᠨ᠎ᠠ᠃ 2020 ᠤᠨ ᠪᠤᠯᠲᠠᠯ᠎ᠠ᠂ ᠪᠦᠬᠦ ᠬᠤᠰᠢᠭᠤᠨ ᠤ ᠭᠠᠭᠴᠠ ᠲᠦᠷᠦᠯ ᠤᠨ ᠪᠡᠶ᠎ᠡ ᠲᠠᠮᠢᠷ ᠤᠨ ᠨᠡᠶᠢᠭᠡᠮᠯᠢᠭ ᠢ 100 ᠠᠴᠠ   ᠪᠠᠭ᠎ᠠ   ᠪᠠᠶᠢᠯᠭᠠᠵᠦ ᠪᠤᠯᠬᠤ ᠦᠭᠡᠢ᠃ ᠪᠡᠶ᠎ᠡ ᠲᠠᠮᠢᠷ ᠤᠨ ᠶᠡᠷᠦᠩᠬᠡᠢ ᠨᠡᠶᠢᠭᠡᠮᠯᠢᠭ᠂ ᠨᠡᠶᠢᠭᠡᠮ ᠤᠨ ᠪᠡᠶ᠎ᠡ ᠲᠠᠮᠢᠷ ᠤᠨ ᠵᠢᠭᠠᠨ   ᠵᠢᠯᠤᠭᠤᠳᠤᠭᠴᠢ ᠶᠢᠨ ᠨᠡᠶᠢᠭᠡᠮᠯᠢᠭ᠂ ᠨᠠᠰᠤᠲᠠᠶᠢᠴᠤᠳ ᠤᠨ ᠪᠡᠶ᠎ᠡ ᠲᠠᠮᠢᠷ ᠤᠨ ᠨᠡᠶᠢᠭᠡᠮᠯᠢᠭ ᠤᠨ ᠪᠦᠷᠭᠦᠭᠦᠯᠬᠦ ᠨᠤᠷᠮ᠎ᠠ ᠶᠢ  100% ᠳᠤ ᠬᠦᠷᠭᠡᠨ᠎ᠡ᠃ ᠬᠡᠷᠡᠭ ᠡᠷᠬᠢᠯᠡᠬᠦ ᠭᠠᠵᠠᠷ ᠤᠨ ᠪᠦᠬᠦ ᠠᠷᠠᠳ  ᠤᠨ ᠪᠡᠶ᠎ᠡ ᠪᠤᠯᠪᠠᠰᠤᠷᠠᠬᠤ ᠪᠠᠶᠢᠭᠤᠯᠤᠮᠵᠢ ᠶᠢ   ᠲᠡᠭᠦᠯᠳᠡᠷᠵᠢᠭᠦᠯᠵᠦ᠂ ᠨᠡᠶᠢᠭᠡᠮ ᠲᠤᠭᠤᠷᠢᠭ ᠲᠤ ᠪᠡᠶ᠎ᠡ ᠲᠠᠮᠢᠷ ᠤᠨ ᠪᠡᠶ᠎ᠡ ᠪᠤᠯᠪᠠᠰᠤᠷᠠᠬᠤ ᠺᠯᠦ᠋ᠪ ᠪᠠᠶᠢᠵᠦ᠂ ᠰᠤᠮᠤ ᠰᠢᠶᠠᠩ   ᠪᠠᠯᠭᠠᠰᠦ ᠪᠤᠯᠤᠨ 100% ᠶᠢᠨ ᠭᠠᠴᠠᠭ᠎ᠠ ᠲᠤᠰᠬᠤᠨ ᠳᠤ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠤ   ᠵᠤᠬᠢᠶᠠᠨ ᠪᠠᠶᠢᠭᠤᠯᠤᠯᠲᠠ ᠶᠢᠨ ᠦᠷᠲᠡᠭᠡ ︵ᠴᠡᠭ︶ ᠪᠠᠶᠢᠬᠤ ᠬᠡᠷᠡᠭᠲᠡᠢ᠃         ⑶ ᠪᠦᠬᠦ ᠠᠷᠠᠳ ᠤᠨ ᠪᠡᠶ᠎ᠡ ᠪᠤᠯᠪᠠᠰᠤᠷᠠᠯ ᠤᠨ ᠵᠢᠭᠠᠨ ᠵᠢᠯᠤᠭᠤᠳᠤᠭᠴᠢ ᠶᠢ ᠦᠷᠭᠦᠯᠵᠢᠯᠡᠨ ᠬᠦᠮᠦᠵᠢᠭᠦᠯᠦᠨ᠎ᠡ᠃  2020 ᠤᠨ ᠪᠤᠯᠲᠠᠯ᠎ᠠ᠂ ᠪᠦᠬᠦ ᠬᠤᠰᠢᠭᠤᠨ ᠤ ᠨᠡᠶᠢᠭᠡᠮ ᠤᠨ ᠪᠡᠶ᠎ᠡ ᠲᠠᠮᠢᠷ ᠤᠨ ᠵᠢᠭᠠᠨ ᠵᠢᠯᠤᠭᠤᠳᠤᠭᠴᠢ ᠶᠢᠨ ᠬᠦᠮᠦᠨ   ᠤ ᠲᠤᠭ᠎ᠠ ᠶᠢ 1000 ᠶᠢ ᠳᠠᠪᠠᠭᠤᠯᠵᠦ᠂ ᠬᠦᠮᠦᠨ ᠤ ᠲᠤᠭ᠎ᠠ ᠶᠢᠨ ᠬᠠᠷᠢᠴᠠᠯ ᠢ  3‰ ᠳᠤ ᠲᠤᠯᠭᠠᠵᠦ᠂   ᠲᠡᠭᠦᠨ ᠤ ᠳᠤᠳᠤᠷ᠎ᠠ᠂ ᠬᠦᠯ ᠪᠦᠮᠪᠦᠭᠡᠨ ᠵᠢᠭᠠᠨ ᠰᠤᠷᠭᠠᠭᠴᠢ᠂ ᠪᠠᠭᠰᠢ ᠶᠢ 100 ᠭᠠᠷᠤᠢ ᠬᠦᠮᠦᠨ ᠪᠤᠯᠭᠠᠨ᠎ᠠ᠃ ᠬᠢᠨᠠᠨ   ᠰᠢᠭᠦᠭᠴᠢ ᠶᠢ 50 ᠨᠡᠷᠡᠰ ᠲᠤ ᠬᠦᠷᠭᠡᠨ᠎ᠡ᠃ ᠪᠡᠶ᠎ᠡ ᠲᠠᠮᠢᠷ ᠤᠨ ᠨᠡᠶᠢᠭᠡᠮ ᠤᠨ ᠵᠤᠬᠢᠶᠠᠨ ᠪᠠᠶᠢᠭᠤᠯᠤᠯᠲᠠ ᠳᠤ ᠤᠷᠤᠯᠴᠠᠬᠤ   ᠬᠦᠮᠦᠨ ᠤ ᠲᠤᠭ᠎ᠠ ᠶᠢᠨ ᠬᠠᠷᠢᠴᠠᠯ ᠢ ᠪᠡᠶ᠎ᠡ ᠲᠠᠮᠢᠷ ᠤᠨ ᠶᠡᠷᠦᠩᠬᠡᠢ ᠬᠦᠮᠦᠨ ᠠᠮᠠ ᠶᠢᠨ 45% ᠠᠴᠠ ᠢᠯᠡᠭᠦᠦ ᠶᠢ   ᠡᠵᠡᠯᠡᠭᠦᠯᠦᠨ᠎ᠡ᠃            ⑷ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭᠠᠨ ᠢ ᠬᠦᠴᠦᠯᠡᠨ ᠦᠷᠨᠢᠭᠦᠯᠦᠨ᠎ᠡ᠃ ᠪᠦᠬᠦ ᠬᠤᠰᠢᠭᠤᠨ ᠤ   ᠬᠢᠨ᠂ ᠪᠦᠬᠦ ᠠᠷᠠᠳ ᠤᠨ ᠪᠡᠶ᠎ᠡ ᠪᠤᠯᠪᠠᠰᠤᠷᠠᠬᠤ ᠠᠵᠢᠯᠯᠠᠭ᠎ᠠ ᠶᠢ ᠵᠢᠯ ᠪᠦᠷᠢ ᠳᠤ 15 ᠭᠠᠷᠤᠢ ᠤᠳᠠᠭ᠎ᠠ ᠦᠷᠨᠢᠭᠦᠯᠵᠦ᠂   ᠪᠦᠬᠦ ᠠᠶᠢᠮᠠᠭ ᠤᠨ ᠪᠦᠬᠦ ᠠᠷᠠᠳ ᠤᠨ ᠪᠡᠶ᠎ᠡ ᠪᠤᠯᠪᠠᠰᠤᠷᠠᠬᠤ ᠤᠷᠤᠯᠳᠤᠭᠠᠨ ᠤ ᠠᠵᠢᠯᠯᠠᠭ᠎ᠠ  ᠶᠢ ᠵᠢᠯ ᠪᠦᠷᠢ ᠳᠤ ᠨᠢᠭᠡ   ᠤᠳᠠᠭ᠎ᠠ ᠡᠷᠬᠢᠯᠡᠵᠦ᠂ ᠪᠦᠬᠦ ᠠᠷᠠᠳ ᠤᠨ ᠪᠡᠶ᠎ᠡ ᠪᠤᠯᠪᠠᠰᠤᠷᠠᠬᠤ ᠨᠡᠷᠡᠲᠦ ᠲᠡᠮᠳᠡᠭᠲᠦ ᠲᠦᠷᠦᠯ ᠵᠦᠢᠯ ᠢ 10 ᠭᠠᠷᠤᠢ   ᠲᠦᠷᠦᠯ ᠡᠭᠦᠳᠦᠨ᠎ᠡ᠃   ᠪᠦᠬᠦ ᠠᠷᠠᠳ ᠤᠨ ᠪᠡᠶ᠎ᠡ ᠪᠤᠯᠪᠠᠰᠤᠷᠠᠬᠤ ᠴᠤᠭᠯᠠᠭᠠᠨ ᠢ ᠵᠢᠯ ᠳᠤ ᠨᠢᠭᠡ ᠤᠳᠠᠭ᠎ᠠ ᠦᠷᠨᠢᠭᠦᠯᠵᠦ᠂   ᠰᠤᠮᠤ ᠰᠢᠶᠠᠩ ᠪᠠᠯᠭᠠᠰᠦ ︵ᠨᠡᠶᠢᠭᠡᠮ ᠲᠤᠭᠤᠷᠢᠭ︶ ᠶᠢᠨ ᠬᠢᠨ᠂ ᠵᠢᠯ ᠪᠦᠷᠢ ᠳᠤ 5 ᠲᠦᠷᠦᠯ ᠠᠴᠠ ᠳᠡᠭᠡᠭᠰᠢᠬᠢ ᠤᠷᠤᠨ   ᠨᠤᠲᠤᠭ ᠤᠨ ᠤᠨᠴᠠᠯᠢᠭ ᠲᠠᠢ ᠪᠤᠯᠤᠨ ᠦᠨᠳᠦᠰᠦᠲᠡᠨ ᠤ ᠤᠨᠴᠠᠯᠢᠭ ᠲᠠᠢ ᠪᠦᠬᠦ ᠠᠷᠠᠳ ᠤᠨ ᠪᠡᠶ᠎ᠡ ᠪᠤᠯᠪᠠᠰᠤᠷᠠᠬᠤ   ᠤᠷᠤᠯᠳᠤᠭᠠᠨ ᠤ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠭᠦᠯᠦᠨ᠎ᠡ᠃            ⑸ ᠤᠯᠤᠰ ᠠᠷᠠᠳ ᠤᠨ ᠪᠡᠶ᠎ᠡ ᠮᠠᠬᠠᠪᠤᠳ ᠤᠨ ᠬᠢᠨᠠᠨ ᠪᠠᠶᠢᠴᠠᠭᠠᠯᠲᠠ ᠶᠢ ᠭᠦᠨᠵᠡᠭᠡᠢ ᠦᠷᠨᠢᠭᠦᠯᠦᠨ᠎ᠡ᠃ 2020   ᠤᠨ ᠪᠤᠯᠲᠠᠯ᠎ᠠ᠂ ᠪᠦᠬᠦ ᠬᠤᠰᠢᠭᠤᠨ ᠤ ᠰᠤᠷᠭᠠᠭᠤᠯᠢ ᠳᠤ ᠪᠠᠶᠢᠭ᠎ᠠ ᠰᠤᠷᠤᠭᠴᠢᠳ ᠡᠳᠦᠷ ᠪᠦᠷᠢ ᠶᠢᠨ ᠨᠢᠭᠡ ᠴᠠᠭ ᠤᠨ   ᠪᠡᠶ᠎ᠡ ᠲᠠᠮᠢᠷ ᠤᠨ ᠪᠤᠯᠪᠠᠰᠤᠷᠠᠯ ᠬᠢᠵᠦ᠂ ᠲᠠᠮᠢᠷ ᠴᠢᠳᠠᠪᠦᠷᠢ ᠶᠢ ᠨᠢ ᠬᠡᠪ ᠪᠤᠯᠪᠠᠰᠤᠷᠠᠯ ᠢ ᠢᠯᠡᠳᠲᠡ ᠳᠡᠭᠡᠭᠰᠢᠯᠡᠭᠦᠯᠵᠦ᠂ ︽  ᠤᠯᠤᠰ ᠤᠨ ᠰᠤᠷᠤᠭᠴᠢᠳ ᠤᠨ ᠲᠠᠮᠢᠷ ᠴᠢᠳᠠᠪᠦᠷᠢ ᠶᠢᠨ ᠡᠷᠡᠭᠦᠯ ᠮᠡᠨᠳᠦ ᠶᠢᠨ ᠪᠠᠷᠢᠮᠵᠢᠶ᠎ᠠ︾  ᠶᠢᠨ ᠱᠠᠭᠠᠷᠳᠠᠯᠭ᠎ᠠ ᠳᠤ   ᠨᠡᠶᠢᠳᠡᠮ ᠬᠦᠷᠭᠡᠨ᠎ᠡ᠃ ᠬᠤᠲᠠ ᠬᠦᠳᠡᠭᠡ ᠶᠢᠨ ᠰᠠᠭᠤᠭᠠᠯᠢ ᠠᠷᠠᠳ ᠤᠨ ︽ᠤᠯᠤᠰ ᠠᠷᠠᠳ  ᠤᠨ ᠪᠡᠶ᠎ᠡ ᠮᠠᠬᠠᠪᠤᠳ ᠤᠨ   ᠬᠢᠨᠠᠨ ᠪᠠᠶᠢᠴᠠᠭᠠᠯᠲᠠ ᠶᠢᠨ ᠪᠠᠷᠢᠮᠵᠢᠶ᠎ᠠ︾ ᠳᠤ ᠬᠢᠷᠢ ᠲᠡᠩᠴᠡᠭᠰᠡᠨ ᠬᠦᠮᠦᠨ ᠤ ᠲᠤᠭ᠎ᠠ  ᠶᠢ 90% ᠶᠢ ᠳᠠᠪᠠᠭᠤᠯᠤᠨ᠎ᠠ᠃   ᠭᠠᠷᠠᠭ ᠪᠦᠷᠢ ᠳᠤ ᠨᠢᠭᠡ ᠤᠳᠠᠭ᠎ᠠ ᠠᠴᠠ ᠢᠯᠡᠭᠦᠦ ᠪᠡᠶ᠎ᠡ ᠲᠠᠮᠢᠷ ᠤᠨ ᠪᠤᠯᠪᠠᠰᠤᠷᠠᠯ ᠳᠤ ᠤᠷᠤᠯᠴᠠᠬᠤ ᠬᠦᠮᠦᠨ ᠤ ᠲᠤᠭ᠎ᠠ   ᠶᠢᠨ ᠬᠠᠷᠢᠴᠠᠯ ᠢ 50% ᠶᠢ ᠳᠠᠪᠠᠭᠤᠯᠤᠨ᠎ᠠ᠃            ⑹ ᠪᠡᠶ᠎ᠡ ᠲᠠᠮᠢᠷ ᠤᠨ ᠦᠢᠯᠡᠰ ᠢ ᠲᠦᠷᠭᠡᠳᠭᠡᠨ ᠬᠦᠭᠵᠢᠭᠦᠯᠦᠨ᠎ᠡ᠃ 2020 ᠤᠨ ᠪᠤᠯᠲᠠᠯ᠎ᠠ᠂ ᠪᠡᠶ᠎ᠡ ᠲᠠᠮᠢᠷ ᠤᠨ   ᠦᠢᠯᠡᠰ ᠤᠨ ᠰᠢᠰᠲ᠋ᠧᠮ ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠪᠠᠶᠢᠷᠢᠯᠠᠭᠤᠯᠤᠯᠲᠠ ᠲᠤᠬᠢᠷᠠᠮᠵᠢᠲᠠᠢ᠂ ᠴᠢᠳᠠᠪᠦᠷᠢ   ᠶᠢ ᠲᠡᠭᠦᠯᠳᠡᠷᠵᠢᠭᠦᠯᠬᠦ᠂ ᠲᠦᠷᠦᠯ ᠵᠦᠢᠯ ᠪᠠᠶᠠᠯᠢᠭ ᠲᠤ ᠬᠦᠷᠭᠡᠨ᠎ᠡ᠃ ᠪᠡᠶ᠎ᠡ ᠲᠠᠮᠢᠷ  ᠤᠨ ᠬᠡᠷᠡᠭᠯᠡᠭᠡ ᠶᠢ ᠵᠢᠯ ᠡᠷᠡᠭᠦᠶ᠎ᠡ   ᠨᠡᠮᠡᠭᠳᠡᠭᠦᠯᠵᠦ᠂ ᠪᠦᠬᠦ ᠬᠤᠰᠢᠭᠤᠨ ᠤ ᠪᠡᠶ᠎ᠡ ᠲᠠᠮᠢᠷ ᠤᠨ ᠬᠡᠷᠡᠭᠯᠡᠭᠡᠨ ᠤ ᠬᠢᠷᠢ ᠲᠦᠪᠰᠢᠨ ᠢ 3 ᠳ᠋ᠦᠩᠰᠢᠭᠤᠷ ᠠᠴᠠ   ᠢᠯᠡᠭᠦᠦ ᠬᠦᠷᠭᠡᠵᠦ᠂ ᠤᠯᠤᠰ ᠠᠷᠠᠳ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠤᠨ 14% ᠭᠠᠷᠤᠢ ᠶᠢ   ᠡᠵᠡᠯᠡᠭᠦᠯᠦᠨ᠎ᠡ᠃       ᠭᠤᠷᠪᠠ᠂   ᠭᠤᠤᠯ ᠡᠬᠦᠷᠭᠡ         ︵  ᠨᠢᠭᠡ︶     ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠤᠬᠠᠭᠤᠯᠭ᠎ᠠ ᠬᠦᠮᠤᠵᠢᠯ ᠤᠨ ᠬᠦᠴᠣᠯᠡᠴᠡ ᠶᠢ   ᠨᠡᠮᠡᠭᠳᠡᠬᠦᠯᠤᠨ᠎ᠠ᠃ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠠᠵᠢᠯ ᠤᠨ ᠤᠬᠠᠭᠤᠯᠭ᠎ᠠ ᠶᠢ ᠦᠨᠡᠨ ᠬᠦ ᠴᠢᠩᠭᠠᠳᠬᠠᠵᠤ  ᠂ ᠰᠣᠨᠢᠨ ᠮᠡᠳᠡᠭᠡᠨ ᠤ ᠵᠠᠭᠤᠴᠢᠯᠠᠭᠤᠷ᠂   ᠢᠨᠲ᠋ᠧᠷ ᠰᠦᠯᠵᠢᠶ᠎ᠡ + ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠠᠵᠢᠯ   ᠤᠨ ᠳᠤᠬᠳᠠᠴᠠ ᠶᠢ ᠪᠠᠶᠢᠭᠤᠯᠵᠤ᠂ ᠡᠯ᠎ᠠ ᠰᠣᠨᠢᠨ ᠮᠡᠳᠡᠭᠡᠨ ᠤ ᠵᠠᠭᠤᠴᠢᠯᠠᠭᠤᠷ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ   ᠪᠤᠯᠤᠩ ᠭᠠᠷᠭᠠᠵᠤ᠂   ᠪᠡᠶ᠎ᠡ ᠪᠤᠯᠪᠠᠰᠣᠷᠡᠭᠤᠯᠬᠤ ᠮᠡᠳᠡᠯᠭᠡ ᠶᠢᠨ ᠳᠠᠶᠢᠯᠣᠮᠵᠢ  ᠶᠢ ᠦᠷᠨᠢᠬᠦᠯᠵᠤ᠂ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ ᠤᠯᠠᠨ ᠨᠡᠶᠢᠳᠡ ᠶᠢᠨ ᠮᠡᠳᠡᠭᠡ ᠵᠠᠩᠬᠢ ᠶᠢᠨ ᠦᠢᠯᠡᠴᠢᠯᠡᠭᠡᠨ ᠤ ᠳᠠᠪᠴᠠᠩ ᠢ ᠪᠠᠶᠢᠭᠤᠯᠤᠨ᠎ᠠ᠃   ᠰᠢᠨᠵᠢᠯᠡᠬᠦ ᠤᠬᠠᠭᠠᠨᠴᠢ ᠪᠠᠷ ᠪᠡᠶ᠎ᠡ ᠪᠤᠯᠪᠠᠰᠣᠷᠡᠭᠤᠯᠬᠤ ᠬᠦᠮᠤᠵᠢᠯ  ᠢ ᠬᠦᠨᠵᠡᠭᠡᠢ ᠦᠷᠨᠢᠬᠦᠯᠵᠤ᠂ ᠰᠢᠨᠵᠢᠯᠡᠬᠦ ᠤᠬᠠᠭᠠᠨᠴᠢ   ᠪᠠᠷ ᠪᠡᠶ᠎ᠡ ᠪᠤᠯᠪᠠᠰᠣᠷᠡᠭᠤᠯᠬᠤ   ᠮᠡᠳᠡᠯᠭᠡ ᠶᠢᠨ ᠳᠠᠨᠢᠯᠳᠠ ᠶᠢ ᠳᠡᠭᠡᠭᠰᠢᠯᠡᠬᠦᠯᠵᠤ᠂ ᠰᠢᠨᠵᠢᠯᠡᠬᠦ ᠤᠬᠠᠭᠠᠨᠴᠢ ᠪᠠᠷ ᠪᠡᠶ᠎ᠡ   ᠪᠤᠯᠪᠠᠰᠣᠷᠡᠭᠤᠯᠬᠤ   ᠠᠷᠭ᠎ᠠ ᠮᠠᠶ᠋ᠢᠭ ᠢ ᠳᠡᠯᠭᠡᠷᠡᠬᠦᠯᠵᠤ᠂   ᠪᠡᠶ᠎ᠡ ᠶᠢᠨ ᠳᠠᠮᠢᠷ ᠢ ᠠᠮᠢᠳᠤᠷᠡᠯ ᠳᠤ ᠠᠭᠤᠰᠣᠭᠤᠯᠬᠤ᠂   ᠠᠮᠢᠳᠤᠷᠡᠯ ᠪᠡᠶ᠎ᠡ ᠶᠢᠨ ᠳᠠᠮᠢᠷ ᠢ ᠬᠡᠷᠡᠭᠰᠡᠬᠦ ᠤᠶᠢᠯᠠᠭᠠᠬᠳᠠᠬᠤᠨ ᠢ ᠪᠤᠢ ᠪᠤᠯᠭᠠᠵᠤ᠂   ᠪᠡᠶ᠎ᠡ ᠳᠠᠮᠢᠷ ᠢ ᠬᠦᠨᠳᠤᠳᠭᠡᠬᠦ᠂   ᠪᠡᠶ᠎ᠡ ᠳᠠᠮᠢᠷ ᠢ ᠳᠡᠮᠵᠢᠬᠦ᠂   ᠪᠡᠶ᠎ᠡ ᠳᠠᠮᠢᠷ  ᠲᠤ ᠤᠷᠤᠯᠴᠠᠬᠤ᠂ ᠴᠢᠬᠢᠷᠠᠭ ᠪᠡᠶ᠎ᠡ ᠮᠠᠬᠠᠪᠤᠳ ᠲᠠᠢ ᠪᠠᠷ ᠢᠷᠡᠭᠤ ᠠᠯᠳᠠᠷ ᠢᠶᠠᠨ   ᠪᠤᠯᠭᠠᠬᠤ ᠨᠡᠶᠢᠭᠡᠮ ᠤᠨ ᠤᠷᠴᠢᠨ ᠳᠤᠭᠤᠷᠢᠨ ᠢ ᠪᠤᠢ ᠪᠤᠯᠭᠠᠨ᠎ᠠ᠃   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ   ᠦᠷᠳᠡᠭ ᠤᠨ ᠦᠵᠡᠯ ᠤᠬᠠᠮᠰᠠᠷ ᠢ ᠨᠡᠮᠡᠭᠳᠡᠬᠦᠯᠵᠤ᠂   ᠪᠡᠶ᠎ᠡ ᠪᠤᠯᠪᠠᠰᠣᠷᠡᠭᠤᠯᠬᠤ ᠪᠤᠯᠪᠠᠰᠣᠨ ᠠᠮᠢᠳᠤᠷᠡᠯ ᠤᠨ ᠠᠷᠭ᠎ᠠ   ᠮᠠᠶ᠋ᠢᠭ ᠢ ᠰᠠᠨᠠᠭᠠᠴᠢᠯᠠᠵᠤ᠂   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ   ᠶᠢ ᠦᠨᠡᠯᠡᠬᠦ ᠬᠦᠢᠴᠡᠳᠭᠡᠬᠦ ᠳᠤᠭ᠎ᠠ ᠶᠢ   ᠤᠶᠤᠨ ᠤ ᠪᠤᠯᠪᠠᠰᠣᠨ ᠤ ᠪᠠᠶᠢᠭᠤᠯᠤᠯᠳᠠ ᠪᠤᠯᠤᠨ ᠪᠦᠬᠦ ᠤᠯᠤᠰ ᠤᠨ ᠪᠤᠯᠪᠠᠰᠣᠨ ᠬᠤᠳᠠ᠂   ᠪᠤᠯᠪᠠᠰᠣᠨ ᠳᠤᠰᠬᠤᠨ   ᠪᠠᠯᠭᠠᠰᠣ᠂   ᠪᠤᠯᠪᠠᠰᠣᠨ ᠨᠢᠭᠡᠴᠡ ᠶᠢ ᠬᠡᠮᠵᠢᠨ ᠳᠤᠬᠳᠠᠭᠠᠬᠤ ᠰᠢᠰᠲ᠋ᠧᠮ ᠳᠤ ᠤᠷᠤᠭᠤᠯᠵᠤ᠂   ᠡᠯ᠎ᠠ ᠱᠠᠳᠤᠨ ᠤ ᠨᠠᠮ ᠤᠨ   ᠬᠤᠷᠢᠶ᠎ᠠ ᠶᠢᠨ ᠴᠤᠭ ᠢᠶᠠᠷ ᠠᠳᠬᠤᠵᠤ ᠬᠠᠮᠳᠤ ᠳᠤᠨᠢ ᠬᠠᠮᠢᠶᠠᠷᠬᠤ ᠠᠵᠢᠯ ᠤᠨ ᠪᠠᠶᠢᠳᠠᠯ ᠢ ᠪᠤᠢ ᠪᠤᠯᠭᠠᠨ᠎ᠠ᠃             ︵  ᠬᠤᠶᠠᠷ︶   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢᠨ ᠪᠤᠳᠤᠭᠡᠨ   ᠪᠠᠶᠢᠭᠤᠯᠤᠯᠳᠠ ᠶᠢᠨ ᠬᠦᠴᠣᠯᠡᠴᠡ ᠪᠠᠨ ᠨᠡᠮᠡᠭᠳᠡᠬᠦᠯᠤᠨ᠎ᠠ᠃ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠳᠤᠨᠤᠭ   ᠲᠦᠬᠦᠭᠡᠷᠣᠮᠵᠢ ᠶᠢᠨ ᠪᠤᠳᠤᠭᠡᠨ ᠪᠠᠶᠢᠭᠤᠯᠤᠯᠳᠠ ᠪᠤᠯᠤᠨ ︽  ᠮᠠᠯᠴᠢᠨ ᠳᠠᠷᠢᠶᠠᠴᠢᠨ ᠤ ᠪᠡᠶ᠎ᠡ ᠶᠢᠨ ᠳᠠᠮᠢᠷ ᠪᠡᠶ᠎ᠡ   ᠪᠤᠯᠪᠠᠰᠣᠷᠡᠭᠤᠯᠬᠤ   ᠢᠨᠵᠧᠨᠧᠷᠢᠩ︾᠂   ︽ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠠᠷᠭ᠎ᠠ ᠵᠠᠮ ᠤᠨ ᠢᠨᠵᠧᠨᠧᠷᠢᠩ  ︾ ᠤᠨ ᠪᠦᠳᠤᠭᠡᠨ ᠪᠠᠶᠢᠭᠤᠯᠤᠯᠳᠠ ᠶᠢ ᠲᠦᠯᠬᠢᠨ ᠠᠬᠢᠭᠤᠯᠤᠨ᠎ᠠ᠃ ᠤᠳᠤ ᠶᠢᠨ ᠪᠠᠶᠢᠭ᠎ᠠ ᠴᠡᠴᠡᠷᠯᠢᠭ᠂ ᠵᠦᠯᠭᠡᠨ ᠭᠠᠵᠠᠷ᠂   ᠠᠭᠤᠳᠠᠮ ᠳᠠᠯᠠᠪᠠᠢ ᠳᠤ ᠪᠡᠶ᠎ᠡ ᠶᠢᠨ ᠳᠠᠮᠢᠷ ᠤᠨ ᠦᠢᠯᠡᠳᠤᠯ ᠢ ᠠᠭᠤᠯᠤᠨ᠎ᠠ᠃ ᠡᠬᠢ ᠪᠠᠶᠠᠯᠢᠭ  ᠶᠢ ᠨᠡᠶᠢᠳᠭᠡᠵᠤ᠂ ᠪᠠᠭ᠎ᠠ   ᠬᠡᠯᠪᠡᠷᠢ ᠶᠢᠨ ᠠᠷᠡᠳ ᠲᠤ ᠲᠦᠬᠦᠮ ᠦᠵᠡᠬᠦᠯᠬᠦ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢ   ᠪᠠᠶᠢᠭᠤᠯᠤᠨ᠎ᠠ᠃   ᠬᠤᠰᠢᠭᠤᠨ ᠳᠡᠰ ᠤᠨ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠲᠦᠪ ᠤᠨ   ︽ᠭᠤᠷᠪᠠᠨ ᠨᠢᠭᠡ︾ ᠶᠢᠨ ᠪᠦᠳᠤᠭᠡᠨ ᠪᠠᠶᠢᠭᠤᠯᠤᠯᠳᠠ ᠶᠢᠨ ᠪᠠᠷᠢᠮᠵᠢᠶ᠎ᠠ᠂ ᠳᠠᠷᠣᠢ᠄   ᠨᠢᠭᠡ ᠪᠡᠶ᠎ᠡ ᠳᠠᠮᠢᠷ ᠤᠨ ᠤᠷᠳᠤᠨ᠂   ᠨᠢᠭᠡ ᠬᠦᠯ   ᠪᠦᠮᠪᠦᠭᠡ ᠶᠢᠨ ᠳᠠᠯᠠᠪᠠᠢ ᠪᠤᠯᠤᠨ ᠨᠢᠭᠡ ᠪᠦᠯᠦᠭ ᠭᠠᠳᠠᠨ᠎ᠠ ᠰᠡᠯᠡᠬᠦᠴᠡᠯ ᠤᠨ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ   ᠳᠤᠨᠤᠭ ᠲᠦᠬᠦᠭᠡᠷᠣᠮᠵᠢ ᠶᠢ ᠪᠠᠶᠢᠭᠤᠯᠤᠨ᠎ᠠ᠃   ᠰᠣᠮᠣ ᠰᠢᠶᠠᠩ ᠪᠠᠯᠭᠠᠰᠣ ᠶᠢᠨ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ ᠲᠦᠪ   ︽1121︾ ᠶᠢᠨ ᠪᠦᠳᠤᠭᠡᠨ ᠪᠠᠶᠢᠭᠤᠯᠤᠯᠳᠠ ᠶᠢᠨ ᠪᠠᠷᠢᠮᠵᠢᠶ᠎ᠠ᠂ ᠳᠠᠷᠣᠢ᠄   ᠨᠢᠭᠡ   ᠰᠠᠬᠰᠣᠨ ᠪᠦᠪᠦᠭᠡ ᠶᠢᠨ ᠳᠠᠯᠠᠪᠠᠢ ᠪᠤᠶᠤ ᠳᠤᠤᠷᠯᠠᠬᠰᠠᠨ ᠬᠡᠯᠪᠡᠷᠢ ᠶᠢᠨ ᠬᠦᠯ ᠪᠦᠮᠪᠦᠭᠡ ᠶᠢᠨ ᠳᠠᠯᠠᠪᠠᠢ᠂ ᠨᠢᠭᠡ ᠡᠬᠦᠳᠤᠨ   ᠪᠦᠮᠪᠦᠭᠡ ᠶᠢᠨ ᠳᠠᠯᠠᠪᠠᠢ᠂ ᠬᠤᠶᠠᠷ ᠫᠢᠡᠭᠪᠤᠡᠭ ᠪᠦᠮᠪᠦᠭᠡ ᠶᠢᠨ ᠳᠠᠶᠢᠰᠠ ᠪᠤᠯᠤᠨ ᠨᠢᠭᠡ ᠢᠵᠢ ᠪᠡᠶ᠎ᠡ ᠪᠤᠯᠪᠠᠰᠣᠷᠡᠭᠤᠯᠬᠤ   ᠠᠷᠭ᠎ᠠ ᠵᠠᠮ ᠢ ᠪᠠᠶᠢᠭᠤᠯᠤᠨ᠎ᠠ᠃   ᠭᠠᠴᠠᠭ᠎ᠠ ᠳᠤᠰᠬᠤᠨ ᠤ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠲᠦᠪ   ᠤᠨ ︽ 121︾ ᠶᠢᠨ ᠪᠦᠳᠤᠭᠡᠨ ᠪᠠᠶᠢᠭᠤᠯᠤᠯᠳᠠ ᠶᠢᠨ ᠪᠠᠷᠢᠮᠵᠢᠶ᠎ᠠ᠂ ᠳᠠᠷᠣᠢ᠄ ᠨᠢᠭᠡ ᠰᠠᠬᠰᠣᠨ ᠪᠦᠮᠪᠦᠭᠡ ᠶᠢᠨ ᠳᠠᠯᠠᠪᠠᠢ᠂   ᠬᠤᠶᠠᠷ ᠫᠢᠡᠭᠪᠤᠡᠭ ᠪᠦᠮᠪᠦᠭᠡ ᠶᠢᠨ ᠳᠠᠶᠢᠰᠠ ᠪᠤᠯᠤᠨ ᠨᠢᠭᠡ ᠢᠵᠢ ᠪᠡᠶ᠎ᠡ ᠪᠤᠯᠪᠠᠰᠣᠷᠡᠭᠤᠯᠬᠤ ᠠᠷᠭ᠎ᠠ ᠵᠠᠮ ᠢ ᠪᠠᠶᠢᠭᠤᠯᠤᠨ᠎ᠠ᠃ ᠨᠡᠶᠢᠭᠡᠮ ᠳᠤᠭᠤᠷᠢᠭ ᠤᠨ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢᠨ ᠪᠤᠳᠤᠭᠡᠨ   ᠪᠠᠶᠢᠭᠤᠯᠤᠯᠳᠠ   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠲᠦᠪ   ᠪᠤᠯᠤᠨ ᠳᠤᠤᠷᠯᠠᠬᠰᠠᠨ ᠬᠡᠯᠪᠡᠷᠢ ᠶᠢᠨ ᠪᠦᠬᠦ ᠠᠷᠡᠳ   ᠤᠨ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢᠨ ᠪᠤᠳᠤᠭᠡᠨ ᠪᠠᠶᠢᠭᠤᠯᠤᠯᠳᠠ ᠪᠠᠷ ᠭᠤᠤᠯ ᠪᠤᠯᠭᠠᠬᠰᠠᠨ᠂   ᠲᠦᠬᠦᠮ ᠪᠦᠭᠡᠳ ᠬᠡᠷᠡᠭᠯᠡᠭᠡᠨ ᠤ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢ ᠪᠤᠳᠤᠭᠡᠨ ᠪᠠᠶᠢᠭᠤᠯᠵᠤ᠂   ᠨᠦᠬᠦᠴᠡᠯ ᠲᠠᠢ ᠭᠠᠵᠠᠷ ᠨᠢᠭᠡᠨ ᠤᠯᠠᠨ ᠴᠢᠳᠠᠪᠤᠷᠢᠳᠤ ᠳᠤᠤᠷᠯᠠᠬᠰᠠᠨ ᠬᠡᠯᠪᠡᠷᠢ ᠶᠢᠨ ᠬᠦᠯ ᠪᠦᠮᠪᠦᠭᠡ  ᠶᠢᠨ ᠳᠠᠯᠠᠪᠠᠢ ᠶᠢ   ᠪᠠᠶᠢᠭᠤᠯᠤᠨ᠎ᠠ᠃   ᠬᠤᠰᠢᠭᠤᠨ ᠳᠡᠰ ᠨᠢᠭᠡᠨ ᠵᠠᠮᠳᠡᠭᠴᠣᠳ ᠤᠨ ᠪᠡᠶ᠎ᠡ ᠳᠠᠮᠢᠷ ᠪᠡᠶ᠎ᠡ ᠪᠤᠯᠪᠠᠰᠣᠷᠡᠭᠤᠯᠬᠤ ᠵᠢᠱᠢᠶ᠎ᠠ   ᠦᠵᠡᠬᠦᠯᠬᠦ ᠴᠡᠭ᠂   ᠰᠣᠮᠣ ᠰᠢᠶᠠᠩ ᠪᠠᠯᠭᠠᠰᠣ ︵ᠵᠠᠭᠡᠯᠢ ᠶᠢᠨ ᠬᠡᠷᠡᠭ ᠡᠷᠬᠢᠯᠡᠬᠦ ᠭᠠᠵᠠᠷ ︶ ᠨᠢᠭᠡᠪᠤᠷᠢ ᠠᠳᠠᠭ ᠲᠠᠭᠠᠨ ᠨᠢᠭᠡ   ᠨᠡᠷᠡᠰ ᠵᠠᠮᠳᠡᠭ ᠬᠦᠮᠤᠨ ᠤ ᠪᠡᠶ᠎ᠡ ᠶᠢᠨ ᠳᠠᠮᠢᠷ ᠤᠨ ᠪᠡᠶ᠎ᠡ ᠪᠤᠯᠪᠠᠰᠣᠷᠡᠭᠤᠯᠬᠤ ᠠᠵᠢᠯᠯᠠᠭ᠎ᠠ ᠶᠢᠨ ᠵᠢᠯᠤᠭᠤᠳᠤᠬᠴᠢ ᠶᠢ   ᠳᠤᠬᠢᠷᠡᠭᠤᠯᠤᠨ᠎ᠠ᠃ ᠬᠤᠳᠠ ᠬᠦᠳᠡᠭᠡ ᠶᠢᠨ ᠨᠢᠭᠡ ᠴᠣᠬᠴᠠᠵᠢᠭᠤᠯᠤᠯᠳᠠ ᠶᠢᠨ ᠬᠦᠭᠵᠢᠯᠳᠡ ᠶᠢᠨ ᠱᠠᠭᠠᠷᠳᠠᠯᠭ᠎ᠠ ᠶᠤᠰᠣᠭᠠᠷ  ᠂   ᠬᠤᠳᠠ ᠬᠦᠳᠡᠭᠡ ᠶᠢᠨ ᠤᠯᠠᠨ ᠨᠡᠶᠢᠳᠡ ᠶᠢᠨ ᠪᠡᠶ᠎ᠡ ᠶᠢᠨ ᠳᠠᠮᠢᠷ ᠤᠨ ᠪᠡᠶ᠎ᠡ ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ   ᠶᠢ ᠪᠦᠷᠬᠦᠬᠦᠯᠬᠦ ᠶᠢ ᠪᠡᠶᠡᠯᠡᠬᠦᠯᠵᠤ᠂ ︽10 ᠮᠢᠨ᠋ᠳᠲ ᠤᠨ ᠪᠡᠶ᠎ᠡ ᠪᠤᠯᠪᠠᠰᠣᠷᠡᠭᠤᠯᠬᠤ ᠬᠦᠷᠢᠶ᠎ᠠ︾ ᠶᠢᠨ ᠪᠡᠶ᠎ᠡ   ᠪᠤᠯᠪᠠᠰᠣᠷᠡᠭᠤᠯᠬᠤ ᠦᠢᠯᠡᠳᠤᠯ ᠢ ᠪᠦᠬᠦ ᠬᠦᠴᠣᠨ ᠢᠶᠠᠷ ᠢᠶᠠᠨ ᠳᠡᠭᠡᠭᠰᠢᠯᠡᠬᠦᠯᠤᠨ᠎ᠠ᠃   ᠵᠠᠰᠠᠭ ᠤᠨ ᠤᠷᠳᠤᠨ ᠠᠴᠠ ᠪᠡᠯᠡ   ᠤᠷᠤᠭᠤᠯᠤᠨ ᠪᠠᠶᠢᠭᠤᠯᠤᠬᠰᠠᠨ ᠤᠯᠠᠨ ᠨᠡᠶᠢᠳᠡ ᠶᠢᠨ ᠪᠡᠶ᠎ᠡ ᠶᠢᠨ ᠳᠠᠮᠢᠷ ᠤᠨ ᠳᠠᠯᠠᠪᠠᠢ ᠤᠷᠳᠤᠨ ᠤ ᠳᠤᠨᠤᠭ   ᠲᠦᠬᠦᠭᠡᠷᠤᠮᠵᠢ ᠶᠢ ᠦᠨ᠎ᠠ ᠲᠦᠯᠤᠪᠤᠷᠢ ᠦᠭᠡᠢ ᠪᠠᠷ ᠪᠤᠶᠤ ᠪᠠᠭᠠᠬᠠᠨ ᠲᠦᠯᠣᠪᠣᠷᠢ ᠬᠤᠷᠢᠶᠠᠵᠤ ᠨᠡᠶᠢᠭᠡᠮ ᠳᠤ ᠨᠡᠭᠡᠭᠡᠯᠳᠡ   ᠬᠢᠬᠦ ᠶᠢ ᠪᠡᠶᠡᠯᠡᠬᠦᠯᠬᠦ ᠬᠡᠷᠡᠭᠳᠠᠢ︔   ᠪᠠᠶᠢᠭᠤᠯᠤᠯᠭ᠎ᠠ᠂ ᠠᠵᠢᠯ ᠦᠢᠯᠡᠰ ᠤᠨ ᠨᠢᠭᠡᠴᠡ ᠶᠢᠨ ᠪᠠᠶᠢᠭᠤᠯᠤᠬᠰᠠᠨ   ᠪᠡᠶ᠎ᠡ ᠶᠢᠨ   ᠳᠠᠮᠢᠷ ᠤᠨ ᠳᠠᠯᠠᠪᠠᠢ ᠤᠷᠳᠤᠨ ᠤ ᠳᠤᠨᠤᠭ ᠲᠦᠬᠦᠭᠡᠷᠤᠮᠵᠢ ᠶᠢ ᠦᠨ᠎ᠠ ᠲᠦᠯᠤᠪᠤᠷᠢ ᠦᠭᠡᠢ ᠪᠠᠷ ᠪᠤᠶᠤ ᠪᠠᠭᠠᠬᠠᠨ   ᠲᠦᠯᠣᠪᠣᠷᠢ ᠬᠤᠷᠢᠶᠠᠵᠤ ᠨᠡᠶᠢᠭᠡᠮ ᠳᠤ ᠨᠡᠭᠡᠭᠡᠯᠳᠡ ᠬᠢᠬᠦ ᠶᠢ ᠵᠤᠷᠢᠬᠵᠢᠭᠤᠯᠤᠨ᠎ᠠ︔ ᠰᠣᠷᠭᠠᠭᠤᠯᠢ ᠶᠢᠨ ᠪᠡᠶ᠎ᠡ ᠶᠢᠨ ᠳᠠᠮᠢᠷ   ᠤᠨ ᠳᠠᠯᠠᠪᠠᠢ ᠤᠷᠳᠤᠨ ᠬᠢᠴᠢᠶᠡᠯ  ᠤᠨ ᠰᠣᠯᠠ ᠴᠠᠭ ᠲᠤ ᠰᠣᠷᠣᠬᠴᠢᠳ ᠲᠤ ᠨᠡᠭᠡᠭᠡᠯᠳᠡ ᠬᠢᠪᠡᠯ ᠵᠤᠬᠢᠨ᠎ᠠ᠂   ᠨᠡᠶᠢᠳᠡ ᠶᠢᠨ   ᠠᠮᠠᠷᠡᠯᠳᠠ ᠶᠢᠨ ᠡᠳᠤᠷ᠂   ᠬᠠᠣᠯᠢ ᠳᠤ ᠳᠤᠬᠳᠠᠬᠰᠠᠨ ᠪᠠᠶᠠᠷ ᠳᠤᠷᠡᠰᠬᠠᠯ ᠤᠨ ᠡᠳᠤᠷ ᠪᠤᠯᠤᠨ ᠰᠣᠷᠭᠠᠭᠤᠯᠢ   ᠶᠢᠨ ᠡᠪᠤᠯ   ᠵᠣᠨ ᠤ ᠠᠮᠠᠷᠡᠯᠳᠠ  ᠶᠢᠨ ᠬᠤᠭᠤᠴᠠᠭᠠᠨ ᠳᠤ ᠨᠡᠶᠢᠭᠡᠮ ᠳᠤ ᠨᠡᠭᠡᠭᠡᠯᠳᠡ ᠬᠢᠪᠡᠯ ᠵᠤᠬᠢᠨ᠎ᠠ᠃   ᠤᠨᠴᠠᠯᠢᠬᠳᠤ ᠡᠬᠢ ᠪᠠᠶᠠᠯᠢᠭ   ᠲᠤ ᠲᠦᠰᠢᠭᠯᠡᠨ᠂   ᠪᠡᠶ᠎ᠡ ᠶᠢᠨ ᠳᠠᠮᠢᠷ ᠤᠨ ᠤᠨᠴᠠᠯᠢᠭᠳᠤ ᠬᠤᠳᠠ᠂   ᠪᠡᠶ᠎ᠡ ᠶᠢᠨ ᠳᠠᠮᠢᠷ   ᠢ ᠠᠮᠢᠳᠤᠷᠡᠯᠵᠢᠭᠤᠯᠤᠬᠰᠠᠨ   ᠰᠣᠮᠣ ᠰᠢᠶᠠᠩ ᠪᠠᠯᠭᠠᠰᠣ ᠪᠤᠯᠤᠨ ᠭᠠᠴᠠᠭ᠎ᠠ ᠳᠤᠰᠬᠤᠨ᠂ ᠨᠡᠶᠢᠭᠡᠮ ᠳᠤᠭᠤᠷᠢᠭ ᠤᠨ ᠵᠢᠱᠢᠶ᠎ᠠ ᠦᠵᠡᠬᠦᠯᠬᠦ ᠦᠷᠳᠡᠭᠡ ᠴᠡᠭ   ᠢ ᠢᠳᠡᠪᠬᠢᠳᠠᠢ ᠪᠠᠶᠢᠭᠤᠯᠤᠨ᠎ᠠ᠃           ︵  ᠭᠤᠷᠪᠠ︶   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠬᠦᠳᠡᠯᠭᠡᠭᠡᠨ ᠢ ᠬᠦᠨᠵᠡᠭᠡᠢ ᠦᠷᠨᠢᠬᠦᠯᠤᠨ᠎ᠠ᠃   ︽ 231︾ ᠪᠡᠶ᠎ᠡ ᠶᠢᠨ ᠳᠠᠮᠢᠷ ᠤᠨ   ᠳᠠᠪᠳᠠᠨ ᠪᠤᠯᠪᠠᠰᠣᠷᠡᠭᠤᠯᠬᠤ ᠠᠷᠭ᠎ᠠ ᠮᠠᠶ᠋ᠢᠭ ᠢ ᠢᠳᠡᠪᠬᠢᠳᠠᠢ ᠳᠡᠯᠭᠡᠷᠡᠬᠦᠯᠣᠨ᠎ᠠ᠂   ᠳᠠᠷᠣᠢ᠄   ᠬᠦᠮᠤᠨ ᠪᠦᠷᠢ 2 ᠠᠴᠠ ᠳᠡᠭᠡᠭᠰᠢ ᠪᠡᠶ᠎ᠡ ᠶᠢᠨ ᠳᠠᠮᠢᠷ ᠤᠨ ᠪᠡᠶ᠎ᠡ ᠪᠤᠯᠪᠠᠰᠣᠷᠡᠭᠤᠯᠬᠤ ᠠᠷᠭ᠎ᠠ ᠶᠢ ᠰᠣᠷᠴᠣ᠂   ᠭᠠᠷᠠᠭ ᠪᠦᠷᠢ ᠬᠦᠳᠡᠯᠭᠡᠭᠡᠨ ᠳᠤ ᠤᠷᠤᠯᠴᠠᠬᠤ ᠨᠢ 3 ᠤᠳᠠᠭ᠎ᠠ ᠠᠴᠠ   ᠳᠡᠭᠡᠭᠰᠢ᠂ ᠤᠳᠠᠭ᠎ᠠ ᠪᠦᠷᠢ ᠳᠤ 1 ᠴᠠᠭ ᠢ   ᠪᠠᠳᠤᠯᠠᠬᠤ ᠶᠢᠨ ᠬᠠᠮᠳᠤ ᠳᠤᠮᠳᠠ ᠵᠡᠷᠭᠡ ᠶᠢᠨ ᠬᠦᠴᠣᠯᠡᠴᠡ ᠪᠠᠷ ᠭᠤᠤᠯ ᠪᠤᠯᠭᠠᠵᠤ ᠪᠡᠶ᠎ᠡ ᠪᠤᠯᠪᠠᠰᠣᠷᠡᠭᠤᠯᠬᠤ ᠬᠦᠳᠡᠯᠭᠡᠭᠡᠨ   ᠬᠢᠨ᠎ᠡ᠃   ︽ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠡᠳᠤᠷ︾ ᠢᠶᠠᠷ ᠠᠨᠢᠰᠣ ᠪᠤᠯᠭᠠᠵᠤ᠂   ᠠᠭᠤᠯᠭ᠎ᠠ ᠪᠠᠷ   ᠪᠠᠶᠠᠯᠢᠭ᠂   ᠬᠡᠯᠪᠡᠷᠢ ᠨᠢ ᠤᠯᠠᠨ ᠶᠠᠩᠵᠤ ᠶᠢᠨ᠂   ᠵᠢᠱᠢᠶ᠎ᠠ ᠦᠵᠡᠬᠦᠯᠬᠦ ᠵᠢᠯᠤᠭᠤᠳᠬᠤ ᠦᠢᠯᠡᠳᠤᠯ ᠪᠦᠬᠦᠢ   ᠪᠦᠬᠦ ᠠᠷᠡᠳ   ᠤᠨ ᠪᠡᠶ᠎ᠡ ᠪᠤᠯᠪᠠᠰᠣᠷᠡᠭᠤᠯᠬᠤ ᠬᠦᠳᠡᠯᠭᠡᠭᠡᠨ ᠢ ᠦᠷᠭᠡᠨ ᠳᠡᠯᠭᠡᠷ ᠦᠷᠨᠢᠬᠦᠯᠵᠤ᠂   ᠤᠯᠠᠨ ᠲᠦᠮᠡᠨ ᠦᠵᠡᠵᠤ ᠰᠣᠨᠢᠷᠬᠠᠬᠤ   ᠳᠤᠷᠡᠳᠠᠢ ᠪᠦᠭᠡᠳ ᠬᠦᠭᠵᠢᠯᠳᠡ ᠶᠢᠨ ᠤᠷᠤᠨ ᠵᠠᠢ ᠲᠠᠢ ᠬᠡᠷᠡᠭᠯᠡᠭᠡᠨ ᠢ ᠵᠢᠯᠤᠭᠤᠳᠬᠤ ᠬᠦᠳᠡᠯᠭᠡᠭᠡᠨ ᠤ ᠲᠦᠷᠣᠯ ᠵᠦᠢᠯ ᠢ   ᠳᠡᠯᠭᠡᠷᠡᠬᠦᠯᠵᠤ᠂   ︽  ᠭᠤᠷᠪᠠᠨ ᠨᠢᠭᠡ︾ ᠶᠢᠨ ᠢᠨᠵᠧᠨᠧᠷᠢᠩ ᠢ ᠪᠡᠶᠡᠯᠡᠬᠦᠯᠤᠨ᠎ᠠ᠂   ᠳᠠᠷᠣᠢ᠄   ᠰᠣᠮᠣ ᠰᠢᠶᠠᠩ ᠪᠠᠯᠭᠠᠰᠣ   ︵  ᠨᠡᠶᠢᠭᠡᠮ ᠳᠤᠭᠤᠷᠢᠭ︶   ᠨᠢᠭᠡᠪᠤᠷᠢ ᠨᠢᠭᠡ ᠪᠡᠶ᠎ᠡ ᠶᠢᠨ ᠳᠠᠮᠢᠷ ᠤᠨ ᠪᠡᠶ᠎ᠡ ᠪᠤᠯᠪᠠᠰᠣᠷᠡᠭᠤᠯᠬᠤ ᠵᠤᠬᠢᠶᠠᠨ ᠪᠠᠶᠢᠭᠤᠯᠤᠯᠳᠠ   ᠶᠢ ᠪᠠᠶᠢᠭᠤᠯᠵᠤ᠂   ᠨᠢᠭᠡ ᠨᠡᠷᠡᠰ  ᠠᠴᠠ ᠳᠡᠭᠡᠭᠰᠢᠬᠢ ᠨᠡᠶᠢᠭᠡᠮ ᠤᠨ ᠪᠡᠶ᠎ᠡ ᠳᠠᠮᠢᠷ ᠤᠨ ᠵᠢᠯᠤᠭᠤᠳᠤᠬᠴᠢ ᠶᠢ ᠳᠤᠬᠢᠷᠡᠭᠤᠯᠵᠤ  ᠂   ᠨᠢᠭᠡ ᠵᠦᠢᠯ ᠤᠨ ᠤᠯᠠᠨ ᠬᠦᠮᠤᠨ ᠪᠤᠯᠤᠨ ᠭᠠᠵᠠᠷ ᠤᠷᠤᠨ ᠤ ᠤᠨᠴᠠᠯᠢᠭ ᠲᠤ ᠵᠤᠬᠢᠬᠤ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ ᠲᠦᠷᠣᠯ ᠳᠡᠮᠳᠡᠭ ᠤᠨ ᠬᠦᠳᠡᠯᠭᠡᠭᠡᠨ ᠢ ᠦᠷᠨᠢᠬᠦᠯᠤᠨ᠎ᠠ᠃   ᠴᠦᠬᠡᠨ ᠳᠤᠭᠠᠳᠤ ᠦᠨᠳᠤᠰᠣᠳᠡᠨ ᠤ   ᠤᠯᠠᠮᠵᠢᠯᠠᠯᠳᠤ ᠪᠡᠶ᠎ᠡ ᠶᠢᠨ ᠳᠠᠮᠢᠷ ᠤᠨ ᠲᠦᠷᠣᠯ ᠵᠦᠢᠯ ᠢ ᠢᠳᠡᠪᠬᠢᠳᠠᠢ ᠳᠡᠳᠬᠦᠨ ᠳᠡᠮᠵᠢᠵᠤ᠂ ᠪᠦᠬᠦ ᠬᠤᠰᠢᠭᠤᠨ ᠤ   ᠨᠠᠭᠠᠳᠤᠮ ᠵᠡᠷᠭᠡ   ᠴᠦᠬᠡᠨ ᠳᠤᠭᠠᠳᠤ ᠦᠨᠳᠤᠰᠣᠳᠡᠨ ᠤ ᠤᠯᠠᠮᠵᠢᠯᠠᠯᠳᠤ ᠪᠡᠶ᠎ᠡ ᠶᠢᠨ ᠳᠠᠮᠢᠷ ᠤᠨ ᠬᠦᠳᠡᠯᠭᠡᠭᠡᠨ ᠢ ᠰᠠᠶᠢᠳᠤᠷ   ᠡᠷᠬᠢᠯᠡᠵᠤ᠂   ︽ᠦᠨᠳᠤᠰᠣᠳᠡᠨ ᠤ ᠤᠯᠠᠮᠵᠢᠯᠠᠯᠳᠤ ᠪᠡᠶ᠎ᠡ ᠶᠢᠨ ᠳᠠᠮᠢᠷ ᠤᠨ ᠵᠢᠱᠢᠶ᠎ᠠ ᠦᠵᠡᠬᠦᠯᠬᠦ ᠰᠠᠭᠤᠷᠢᠨ ᠭᠠᠵᠠᠷ︾  ᠢ   ᠪᠤᠶᠢᠵᠢᠭᠤᠯᠤᠨ ᠬᠦᠭᠵᠢᠬᠦᠯᠵᠤ᠂   ᠭᠠᠴᠠᠭ᠎ᠠ ᠳᠤᠰᠬᠤᠨ ᠤ ᠤᠯᠠᠮᠵᠢᠯᠠᠯᠳᠤ ᠪᠡᠶ᠎ᠡ ᠶᠢᠨ ᠳᠠᠮᠢᠷ ᠤᠨ ᠲᠦᠷᠣᠯ ᠵᠦᠢᠯ   ᠤᠨ   ᠺᠯᠦ᠋ᠪ ᠢ ᠪᠠᠶᠢᠭᠤᠯᠤᠨ᠎ᠠ᠃   ᠨᠠᠰᠣᠳᠠᠶᠢᠴᠠᠳ ᠤᠨ ᠪᠡᠶ᠎ᠡ ᠶᠢᠨ ᠳᠠᠮᠢᠷ ᠤᠨ ᠨᠡᠶᠢᠭᠡᠮᠴᠢᠯᠡᠯᠳᠡ᠂   ᠲᠦᠷᠢᠮᠵᠢᠯᠡᠯᠳᠡ᠂   ᠰᠢᠨᠵᠢᠯᠡᠬᠦ ᠤᠬᠠᠭᠠᠨᠴᠢᠯᠠᠯᠳᠠ᠂ ᠠᠮᠢᠳᠤᠷᠡᠯᠵᠢᠭᠤᠯᠤᠯᠳᠠ ᠶᠢᠨ ᠠᠬᠢᠴᠠ ᠶᠢ ᠢᠳᠡᠪᠬᠢᠳᠠᠢ ᠲᠦᠯᠬᠢᠨ ᠠᠬᠢᠭᠤᠯᠵᠤ᠂   ︽  ᠵᠠᠰᠠᠭ ᠤᠨ ᠤᠷᠳᠤᠨ ᠠᠴᠠ ᠭᠤᠤᠯᠯᠠᠬᠰᠠᠨ᠂   ᠰᠠᠯᠠᠭ᠎ᠠ ᠮᠦᠴᠢᠷ ᠬᠠᠷᠢᠭᠤᠴᠠᠯᠭ᠎ᠠ  ᠪᠠᠨ ᠬᠦᠢᠴᠡᠳᠭᠡᠵᠤ᠂   ᠨᠡᠶᠢᠭᠡᠮᠯᠢᠭ   ᠠᠴᠠ ᠵᠤᠬᠢᠶᠠᠨ ᠪᠠᠶᠢᠭᠤᠯᠵᠤ᠂   ᠨᠡᠶᠢᠭᠡᠮ ᠠᠴᠠ ᠳᠡᠮᠵᠢᠭᠰᠡᠨ᠂   ᠪᠦᠬᠦᠳᠡ ᠳᠤ ᠬᠠᠨᠳᠤᠭᠤᠯᠤᠬᠰᠠᠨ︾ ᠨᠠᠰᠣᠳᠠᠶᠢᠴᠠᠳ   ᠤᠨ ᠪᠡᠶ᠎ᠡ ᠶᠢᠨ ᠳᠠᠮᠢᠷ ᠤᠨ   ᠠᠵᠢᠯ ᠤᠨ ᠪᠠᠶᠢᠷᠢᠰᠢᠯ ᠢ ᠦᠨᠡᠨ ᠬᠦ ᠪᠠᠶᠢᠭᠤᠯᠵᠤ᠂   ᠨᠠᠰᠣᠳᠠᠶᠢᠴᠠᠳ ᠤᠨ ᠪᠡᠶ᠎ᠡ ᠶᠢᠨ   ᠳᠠᠮᠢᠷ ᠤᠨ   ᠠᠵᠢᠯ ᠤᠨ ᠵᠤᠬᠢᠶᠠᠨ ᠪᠠᠶᠢᠭᠤᠯᠤᠯᠳᠠ ᠲᠠᠢ᠂   ᠬᠦᠮᠤᠨ ᠲᠠᠢ᠂   ᠵᠢᠬᠰᠠᠭᠠᠯ ᠤᠨ ᠭᠠᠵᠠᠷ ᠲᠠᠢ᠂   ᠵᠠᠷᠣᠳᠠᠯ   ᠲᠠᠢ ᠪᠠᠶᠢᠬᠤ ᠶᠢ ᠪᠡᠶᠡᠯᠡᠬᠦᠯᠣᠨ᠎ᠠ᠃   ︽  ᠨᠠᠷᠡᠨ ᠭᠡᠷᠡᠯᠳᠤ ᠪᠡᠶ᠎ᠡ ᠶᠢᠨ ᠳᠠᠮᠢᠷ︾ ` ᠤᠨ ᠢᠨᠵᠧᠨᠧᠷᠢᠩ ᠢ ᠦᠷᠨᠢᠬᠦᠯᠵᠤ᠂   ᠵᠠᠯᠠᠭᠤᠴᠣᠳ ᠪᠠᠭᠠᠴᠣᠳ ᠪᠡᠶ᠎ᠡ ᠶᠢᠨ ᠳᠠᠮᠢᠷ ᠤᠨ ᠲᠦᠷᠣᠯ ᠳᠡᠮᠳᠡᠭ ᠤᠨ ᠵᠢᠱᠢᠶ᠎ᠠ ᠦᠵᠡᠬᠦᠯᠬᠦ ᠵᠢᠯᠤᠭᠤᠳᠤᠮᠵᠢ ᠶᠢᠨ   ᠦᠢᠯᠡᠳᠤᠯ ᠢ ᠴᠢᠩᠭᠠᠳᠬᠠᠵᠤ᠂   ᠵᠠᠯᠠᠭᠤᠴᠣᠳ ᠪᠠᠭᠠᠴᠣᠳ ᠤᠨ ᠪᠡᠶ᠎ᠡ ᠶᠢᠨ ᠳᠠᠮᠢᠷ ᠤᠨ   ᠰᠠᠶᠢᠨ ᠰᠠᠶᠢᠬᠠᠨ ᠪᠠᠶᠢᠳᠠᠯ ᠢ   ᠪᠤᠢ ᠪᠤᠯᠭᠠᠵᠤ᠂   ᠪᠠᠶ᠎ᠠ ᠶᠢᠨ ᠳᠠᠮᠢᠷ ᠪᠤᠯᠤᠨ ᠰᠣᠷᠭᠠᠨ ᠬᠦᠮᠤᠵᠢᠯ ᠤᠨ ᠰᠢᠰᠲ᠋ᠧᠮ ᠤᠨ ᠡᠬᠢ ᠪᠠᠶᠠᠯᠢᠭ ᠢ ᠢᠳᠡᠪᠬᠢᠳᠠᠢ   ᠨᠡᠶᠢᠳᠭᠡᠵᠤ᠂   ᠳᠡᠳᠬᠦᠨ ᠳᠡᠮᠵᠢᠬᠦ ᠡᠷᠴᠢᠮ ᠢᠶᠠᠨ ᠴᠢᠩᠭᠠᠷᠡᠭᠤᠯᠣᠨ᠎ᠠ᠃ ᠮᠠᠨ ᠤ ᠬᠤᠰᠢᠭᠤᠨ ᠤ ᠰᠣᠶᠣᠯ ᠤᠨ ᠵᠤᠭᠠᠴᠠᠯ   ᠤᠨ ᠡᠬᠢ ᠪᠠᠶᠠᠯᠢᠭ ᠪᠤᠯᠤᠨ ᠵᠠᠩ ᠦᠢᠯᠡ ᠶᠢᠨ ᠤᠨᠴᠠᠯᠢᠭ ᠤᠨ ᠳᠠᠪᠠᠭᠤᠯᠢᠭ ᠢ ᠲᠦᠰᠢᠭᠯᠡᠨ᠂   ᠬᠦᠯ ᠪᠦᠮᠪᠦᠭᠡ᠂   ᠰᠠᠬᠰᠣᠨ ᠪᠦᠮᠪᠦᠭᠡ ᠂   ᠠᠯᠠᠭᠠᠳᠠᠬᠤ ᠪᠦᠮᠪᠦᠭᠡ᠂   ᠳᠤᠤᠷ ᠪᠦᠮᠪᠦᠭᠡ᠂   ᠡᠬᠦᠳᠡᠨ ᠪᠦᠮᠪᠦᠭᠡ᠂   ᠫᠢᠡᠭᠪᠤᠡᠭ ᠪᠦᠮᠪᠦᠭᠡ᠂   ᠦᠳᠤᠨ ᠪᠦᠮᠪᠦᠭᠡ᠂   ᠴᠢᠴᠢᠬᠦᠷ ᠪᠦᠮᠪᠦᠭᠡ᠂   ᠵᠠᠮ ᠢᠶᠠᠷ ᠬᠦᠶᠤᠬᠦ᠂   ᠠᠭᠤᠯᠠ ᠠᠪᠠᠷᠢᠬᠤ᠂   ᠠᠯᠬᠤᠬᠤ᠂   ᠤᠮᠪᠠᠭ᠋ᠤ᠂   ᠳᠤᠭᠤᠢ ᠤᠨᠤᠬᠤ᠂   ᠭᠡᠷᠳᠤ ᠳᠡᠷᠭᠡ ᠵᠠᠳᠠᠭᠠᠢ ᠬᠤᠨᠤᠬᠯᠠᠬᠤ᠂ ᠮᠦᠰᠣ ᠴᠠᠰᠣ᠂   ᠵᠢᠭᠠᠰᠣ ᠬᠦᠬᠢᠳᠡᠬᠦ᠂   ᠪᠡᠶ᠎ᠡ   ᠪᠤᠯᠪᠠᠰᠣᠷᠡᠭᠤᠯᠬᠤ ᠠᠮᠢᠰᠬᠤᠯ ᠤᠨ ᠳᠠᠮᠢᠷ᠂   ᠵᠡᠪᠰᠡᠭ ᠤᠨ ᠡᠷᠳᠡᠮ ᠤᠨ ᠴᠢᠯᠤᠭᠡᠳᠤ ᠨᠢᠳᠤᠷᠭ᠎ᠠ᠂ ᠨᠡᠷᠡᠬᠦᠢ ᠨᠢᠳᠤᠷᠭ᠎ᠠ ᠂   ᠷᠠᠳᠢᠤ᠋ ᠳᠠᠮᠢᠷ᠂   ᠠᠭᠤᠳᠠᠮ ᠳᠠᠯᠠᠪᠠᠢ ᠶᠢᠨ ᠪᠦᠵᠢᠭ ᠪᠤᠯᠤᠨ ᠴᠦᠬᠡᠨ ᠳᠤᠭᠠᠳᠤ ᠦᠨᠳᠤᠰᠣᠳᠡᠨ ᠤ ᠤᠯᠠᠮᠵᠢᠯᠠᠯᠳᠤ   ᠲᠦᠷᠣᠯ ᠵᠦᠢᠯ ᠮᠤᠷᠢᠨ ᠮᠡᠷᠭᠡᠵᠢᠯ᠂ ᠳᠡᠬᠦᠵᠢᠩ᠂   ᠪᠦᠬᠡ᠂   ᠬᠤᠯᠬᠤᠪᠴᠢ  ᠂   ᠰᠣᠷ ᠬᠠᠷᠪᠤᠬᠤ᠂ ᠨᠤᠮᠣ ᠬᠠᠷᠪᠤᠬᠤ᠂   ᠠᠨᠳᠠᠢ ᠪᠦᠵᠢᠭ ᠵᠡᠷᠭᠡ ᠡᠯ᠎ᠠ ᠵᠦᠢᠯ ᠤᠨ ᠠᠷᠡᠳ ᠤᠯᠠᠨ᠂ ᠠᠳᠠᠯᠢ ᠪᠤᠰᠣ ᠬᠡᠷᠡᠭᠯᠡᠭᠴᠢᠳ ᠤᠨ ᠳᠡᠰ ᠳᠠᠪᠬᠤᠷᠭ᠎ᠠ᠂   ᠠᠳᠠᠯᠢ ᠪᠤᠰᠣ ᠤᠷᠤᠯᠳᠤᠭᠠᠨ ᠤ ᠬᠢᠷᠢ ᠲᠦᠪᠰᠢᠨ᠂   ᠡᠯ᠎ᠠ ᠲᠦᠷᠣᠯ ᠵᠦᠢᠯ ᠪᠦᠬᠦᠢ ᠤᠨᠴᠠᠯᠢᠭ ᠲᠠᠢ ᠪᠡᠶ᠎ᠡ   ᠪᠤᠯᠪᠠᠰᠣᠷᠡᠭᠤᠯᠬᠤ ᠬᠦᠳᠡᠯᠭᠡᠭᠡᠨ ᠪᠤᠯᠤᠨ ᠪᠡᠶ᠎ᠡ ᠶᠢᠨ ᠳᠠᠮᠢᠷ ᠤᠨ ᠤᠷᠤᠯᠳᠤᠭᠠᠨ ᠢ ᠬᠠᠮᠤᠷᠴᠣ᠂   ᠪᠡᠶ᠎ᠡ ᠶᠢᠨ ᠳᠠᠮᠢᠷ   ᠬᠢᠬᠦ   ᠬᠦᠮᠤᠨ ᠠᠮᠠ   ᠶᠢᠨ ᠳᠤᠭ᠎ᠠ ᠶᠢ ᠨᠡᠮᠡᠭᠳᠡᠬᠦᠯᠣᠨ᠎ᠠ᠃   ᠠᠵᠢᠯᠴᠢᠨ ᠤ ᠡᠪᠯᠡᠯ᠂   ᠡᠮᠡᠭᠳᠡᠶᠢᠴᠣᠳ ᠤᠨ ᠬᠤᠯᠪᠤᠭ᠎ᠠ᠂   ᠡᠪ   ᠬᠠᠮᠳᠤ ᠵᠠᠯᠠᠭᠤᠴᠣᠳ ᠤᠨ ᠡᠪᠯᠡᠯ᠂   ᠵᠡᠮᠳᠡᠭᠴᠣᠳ ᠤᠨ ᠬᠤᠯᠪᠤᠭ᠎ᠠ ᠵᠢᠴᠢ ᠪᠠᠶᠢᠭᠤᠯᠤᠯᠭ᠎ᠠ ᠪᠦᠯᠬᠦᠮ᠂   ᠠᠵᠤ ᠠᠬᠤᠶᠢᠯᠠᠯ   ᠠᠵᠢᠯ ᠦᠢᠯᠡᠰ ᠤᠨ ᠨᠢᠭᠡᠴᠡ᠂   ᠰᠣᠷᠭᠠᠭᠤᠯᠢ ᠳᠤᠬᠳᠠᠬᠰᠠᠨ ᠬᠤᠭᠤᠴᠠᠭ᠎ᠠ ᠲᠠᠢ  ᠪᠠᠷ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ ᠬᠦᠳᠡᠯᠭᠡᠭᠡᠨ ᠢ ᠡᠷᠬᠢᠯᠡᠬᠦ ᠬᠡᠷᠡᠭᠳᠠᠢ᠃   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠤᠨᠴᠠᠯᠢᠬᠳᠤ   ᠲᠦᠷᠣᠯ ᠳᠡᠮᠳᠡᠭ ᠤᠨ ᠤᠷᠤᠯᠳᠤᠭᠠᠨ ᠤ ᠶᠠᠪᠤᠳᠠᠯ ᠢ ᠪᠠᠶᠢᠭᠤᠯᠵᠤ᠂ ︽  ᠨᠢᠭᠡ ᠭᠠᠵᠠᠷ ᠨᠢᠭᠡ ᠲᠦᠷᠤᠯ ᠳᠡᠮᠳᠡᠭ᠂   ᠨᠢᠭᠡ   ᠭᠠᠵᠠᠷ ᠨᠢᠭᠡ ᠤᠨᠴᠠᠯᠢᠭ︾ ᠲᠠᠢ   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠤᠨᠴᠠᠯᠢᠬᠳᠤ ᠲᠦᠷᠣᠯ ᠳᠡᠮᠳᠡᠭ ᠢ   ᠬᠤᠳᠠ ᠬᠦᠳᠡᠭᠡ ᠳᠤ ᠳᠡᠯᠭᠡᠷᠡᠬᠦᠯᠣᠨ᠎ᠠ᠃ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ︽ᠲᠦᠷᠪᠡᠨ ᠨᠢᠭᠡ︾ ᠶᠢᠨ   ᠤᠷ᠎ᠡ ᠮᠡᠷᠭᠡᠰᠢᠯ ᠢ ᠳᠡᠯᠭᠡᠨ ᠦᠵᠡᠬᠦᠯᠵᠤ᠂   ᠪᠦᠬᠦ ᠬᠤᠰᠢᠭᠤᠨ ᠤ ᠵᠠᠰᠠᠮᠠᠯ ᠵᠠᠮ ᠤᠨ ᠬᠡᠭᠡᠷᠡᠯᠡᠨ ᠬᠦᠶᠤᠬᠦ ᠤᠷᠤᠯᠳᠤᠭᠠᠨ᠂   ᠨᠠᠭᠠᠳᠤᠮ ᠤᠨ ᠬᠤᠷᠡᠯ᠂   ᠳᠤᠮᠳᠠᠳᠤ ᠪᠠᠭ᠎ᠠ ᠰᠣᠷᠭᠠᠭᠤᠯᠢ ᠶᠢᠨ ᠰᠣᠷᠣᠬᠴᠢᠳ ᠤᠨ ᠬᠦᠨᠳᠤ ᠬᠦᠡᠭᠬᠡᠨ ᠳᠠᠮᠢᠷ ᠤᠨ   ᠤᠷᠤᠯᠳᠤᠭᠠᠨ᠂ ᠪᠡᠶ᠎ᠡ ᠶᠢᠨ ᠳᠠᠮᠢᠷ ᠤᠨ ᠤᠯᠠᠮᠵᠢᠯᠠᠯᠳᠤ ᠲᠦᠷᠣᠯ ᠵᠦᠢᠯ ᠤᠨ ᠪᠡᠶ᠎ᠡ ᠳᠠᠮᠢᠷ ᠤᠨ ᠴᠣᠬᠯᠠᠭᠠᠨ᠂   ᠠᠭᠤᠳᠠᠮ   ᠳᠠᠯᠠᠪᠠᠢ ᠶᠢᠨ ᠪᠦᠵᠢᠭ᠂   ᠠᠯᠠᠭᠠᠳᠠᠬᠤ ᠪᠦᠮᠪᠦᠭᠡ᠂   ᠦᠳᠤᠨ ᠪᠦᠮᠪᠦᠭᠡ᠂   ᠫᠢᠡᠭᠪᠤᠡᠭ ᠪᠦᠮᠪᠦᠭᠡ ᠶᠢᠨ ᠤᠷᠤᠯᠳᠤᠭᠠᠨ᠂   ᠮᠠᠯᠴᠢᠨ ᠳᠠᠷᠢᠶᠠᠴᠢᠳ ᠤᠨ ᠰᠠᠬᠰᠣᠨ ᠪᠦᠮᠪᠦᠭᠡ ᠶᠢᠨ ᠤᠷᠤᠯᠳᠤᠭᠠᠨ᠂   ᠳᠤᠭᠤᠢ ᠳᠡᠷᠭᠡ ᠶᠢᠨ ᠬᠡᠭᠡᠷᠡᠯᠡᠨ ᠤᠷᠤᠯᠳᠤᠬᠤ   ᠵᠡᠷᠭᠡ ᠲᠦᠷᠣᠯ ᠳᠡᠮᠳᠡᠭ ᠤᠨ ᠬᠦᠳᠡᠯᠭᠡᠭᠡᠨ ᠢ ᠦᠷᠨᠢᠬᠦᠯᠤᠨ᠎ᠠ᠃               ︵  ᠲᠦᠷᠪᠡ︶   ᠤᠯᠤᠰ ᠠᠷᠡᠳ ᠤᠨ ᠪᠡᠶ᠎ᠡ ᠮᠠᠬᠠᠪᠤᠳ ᠢ ᠬᠢᠨᠠᠨ ᠬᠡᠮᠵᠢᠬᠦ ᠶᠢ ᠬᠡᠷᠡᠭᠵᠢᠬᠦᠯᠤᠨ᠎ᠠ᠃ ᠤᠯᠤᠰ   ᠠᠷᠡᠳ ᠤᠨ ᠪᠡᠶ᠎ᠡ ᠮᠠᠬᠠᠪᠤᠳ ᠢ ᠬᠢᠨᠠᠨ ᠬᠡᠮᠵᠢᠬᠦ᠂   ᠪᠡᠶ᠎ᠡ ᠶᠢᠨ ᠳᠠᠮᠢᠷ ᠤᠨ ᠪᠤᠯᠪᠠᠰᠣᠷᠡᠯ ᠢ ᠪᠡᠷᠢᠮᠵᠢᠶ᠎ᠠ ᠳᠤ ᠬᠦᠷᠭᠡᠬᠦ᠂   ᠤᠯᠠᠨ ᠲᠦᠮᠡᠨ ᠤ ᠪᠡᠶ᠎ᠡ ᠶᠢᠨ ᠳᠠᠮᠢᠷ ᠤᠨ ᠪᠠᠶᠢᠳᠠᠯ ᠢ ᠪᠠᠶᠢᠴᠠᠭᠠᠬᠤ ᠵᠡᠷᠭᠡ ᠬᠤᠯᠪᠤᠬᠳᠠᠯ ᠪᠦᠬᠦᠢ ᠲᠦᠷᠢᠮ ᠢ ᠤᠯᠠᠮ ᠨᠢᠭᠡ   ᠠᠯᠬᠤᠮ ᠳᠡᠬᠦᠯᠳᠡᠷᠵᠢᠬᠦᠯᠵᠤ᠂   ︽  ᠤᠯᠤᠰ ᠤᠨ ᠪᠡᠶ᠎ᠡ ᠶᠢᠨ ᠳᠠᠮᠢᠷ ᠤᠨ ᠪᠤᠯᠪᠠᠰᠣᠷᠡᠯ ᠤᠨ ᠪᠠᠷᠢᠮᠵᠢᠶ᠎ᠠ︾᠂   ︽  ᠤᠯᠤᠰ ᠠᠷᠡᠳ ᠤᠨ ᠪᠡᠶ᠎ᠡ ᠮᠠᠬᠠᠪᠤᠳ ᠢ ᠬᠢᠨᠠᠨ ᠬᠡᠮᠵᠢᠬᠦ︾᠂   ︽  ᠤᠯᠤᠰ ᠤᠨ ᠰᠣᠷᠣᠬᠴᠢ  ᠶᠢᠨ ᠪᠡᠶ᠎ᠡ ᠮᠠᠬᠠᠪᠤᠳ ᠤᠨ   ᠡᠷᠡᠬᠦᠯ ᠴᠢᠬᠢᠷᠠᠭ ᠤᠨ ᠪᠠᠷᠢᠮᠵᠢᠶ᠎ᠠ︾ ᠶᠢ ᠨᠠᠶᠢᠳᠠᠪᠤᠷᠢᠵᠢᠭᠤᠯᠵᠤ᠂   ︽  ᠵᠠᠯᠠᠭᠤᠴᠣᠳ ᠪᠠᠭᠠᠴᠣᠳ ᠤᠨ ᠪᠡᠶ᠎ᠡ ᠶᠢᠨ ᠳᠠᠮᠢᠷ   ᠢ ᠬᠦᠭᠵᠢᠬᠦᠯᠬᠦ ᠲᠦᠯᠣᠪᠯᠡᠭᠡ︾ ᠶᠢ ᠢᠳᠡᠪᠬᠢᠳᠠᠢ ᠬᠡᠷᠡᠭᠵᠢᠬᠦᠯᠵᠤ᠂ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠪᠡᠶ᠎ᠡ   ᠮᠠᠬᠠᠪᠤᠳ ᠢ ᠬᠢᠨᠡᠨ ᠬᠡᠮᠵᠢᠬᠦ ᠤᠷᠳᠤ ᠬᠤᠭᠤᠴᠠᠭᠠᠨ ᠤ ᠳᠤᠬᠳᠠᠴᠠ ᠶᠢ ᠪᠠᠶᠢᠭᠤᠯᠬᠤ ᠬᠡᠷᠡᠭᠳᠠᠢ᠃   ᠬᠤᠰᠢᠭᠤᠨ ᠳᠡᠰ ᠤᠨ   ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠲᠦᠪ ᠲᠤ ᠤᠯᠤᠰ ᠠᠷᠡᠳ ᠤᠨ ᠪᠡᠶ᠎ᠡ ᠮᠠᠬᠠᠪᠤᠳ ᠢ ᠬᠢᠨᠠᠨ ᠬᠡᠮᠵᠢᠬᠦ   ᠦᠷᠳᠡᠭᠡ ᠶᠢ ᠪᠠᠶᠢᠭᠤᠯᠵᠤ᠂ ᠤᠯᠠᠨ ᠲᠦᠮᠡᠨ ᠤ ᠪᠡᠶ᠎ᠡ ᠶᠢᠨ ᠳᠠᠮᠢᠷ  ᠤᠨ ᠬᠦᠭᠵᠢᠯᠳᠡ ᠶᠢᠨ ᠪᠠᠶᠢᠳᠠᠯ᠂   ᠤᠯᠠᠨ ᠲᠦᠮᠡᠨ ᠤ   ᠡᠷᠡᠬᠦᠯ ᠴᠢᠬᠢᠷᠠᠭ ᠤᠨ ᠪᠠᠶᠢᠳᠠᠯ ᠢ ᠪᠠᠶᠢᠴᠠᠭᠠᠨ ᠰᠣᠳᠤᠯᠬᠤ ᠪᠤᠯᠤᠨ ᠪᠦᠷᠢᠳᠭᠡᠬᠦ ᠠᠵᠢᠯ ᠢ ᠴᠢᠩᠭᠠᠳᠬᠠᠵᠤ᠂ ᠪᠦᠬᠦ   ᠬᠤᠰᠢᠭᠤ ᠵᠢᠯ ᠪᠦᠷᠢ ᠨᠠᠰᠣᠨ ᠳᠤ ᠬᠦᠷᠦᠭᠰᠡᠳ ᠪᠡᠶ᠎ᠡ ᠮᠠᠬᠠᠪᠤᠳ ᠢ ᠬᠢᠨᠠᠨ ᠬᠡᠮᠵᠢᠬᠦ 1000 ᠬᠦᠮᠤᠨ ᠠᠴᠠ ᠳᠤᠳᠠᠭᠤ   ᠪᠠᠶᠢᠵᠤ ᠪᠤᠯᠬᠤ ᠦᠭᠡᠢ ᠪᠦᠭᠡᠳ ᠪᠦᠷᠢᠨ ᠲᠦᠬᠦᠷ   ᠳ᠋ᠠᠶᠢᠲᠨ ᠳᠠᠩᠰᠠ ᠡᠪᠬᠡᠮᠡᠯ ᠢ ᠪᠠᠶᠢᠭᠤᠯᠤᠨ᠎ᠠ᠃             ︵  ᠳᠠᠪᠤ︶   ᠬᠦᠯ ᠪᠦᠮᠪᠦᠭᠡ ᠶᠢᠨ ᠬᠦᠳᠡᠯᠭᠡᠭᠡᠨ ᠢ ᠦᠷᠭᠡᠨ ᠳᠡᠯᠭᠡᠷ ᠢᠶᠠᠷ ᠦᠷᠨᠢᠬᠦᠯᠤᠨ᠎ᠠ᠃   ᠬᠦᠯ ᠪᠦᠮᠪᠦᠭᠡ   ᠶᠢᠨ ᠬᠦᠳᠡᠯᠭᠡᠭᠡᠨ ᠢ   ᠲᠦᠬᠡᠮᠡᠯᠵᠢᠬᠦᠯᠬᠦ ᠪᠠ ᠳᠡᠭᠡᠭᠰᠢᠯᠡᠬᠦᠯᠬᠦ ᠶᠢ ᠴᠢᠩᠭᠠᠳᠬᠠᠵᠤ᠂   ᠳᠠᠪᠤᠨ ᠬᠦᠮᠤᠨ ᠤ ᠲᠦᠷᠢᠮ᠂   ᠳᠤᠯᠤᠭᠠᠨ ᠬᠦᠮᠤᠨ ᠤ ᠲᠦᠷᠢᠮ᠂   ᠳᠤᠤᠷᠯᠠᠬᠰᠠᠨ ᠬᠡᠯᠪᠡᠷᠢ ᠶᠢᠨ ᠬᠦᠯ ᠪᠦᠮᠪᠦᠭᠡ᠂ ᠴᠠᠰᠣᠳᠤ ᠭᠠᠵᠠᠷ  ᠤᠨ ᠬᠦᠯ   ᠪᠦᠮᠪᠦᠭᠡ ᠵᠡᠷᠭᠡ ᠬᠡᠯᠪᠡᠷᠢ ᠶᠢᠨ ᠤᠯᠠᠨ ᠶᠠᠩᠵᠤ ᠶᠢᠨ ᠡᠯ᠎ᠠ ᠨᠠᠰᠣᠨ ᠤ ᠤᠯᠠᠨ ᠲᠦᠮᠡᠨ ᠤ ᠤᠷᠤᠯᠴᠠᠬᠤ ᠬᠦᠯ ᠪᠦᠮᠪᠦᠭᠡ   ᠶᠢᠨ ᠬᠦᠳᠡᠯᠭᠡᠭᠡᠨ ᠢ ᠢᠳᠡᠪᠬᠢᠳᠠᠢ ᠦᠷᠨᠢᠬᠦᠯᠵᠤ᠂   ᠠᠵᠢᠯᠳᠡᠨ ᠠᠵᠢᠯᠴᠢᠨ᠂   ᠨᠡᠶᠢᠭᠡᠮ ᠳᠤᠭᠤᠷᠢᠭ ᠂   ᠬᠦᠯ ᠪᠦᠮᠪᠦᠭᠡ   ᠶᠢᠨ ᠬᠠᠮᠳᠤᠷᠠᠬᠰᠠᠨ ᠤᠷᠤᠯᠳᠤᠭᠠᠨ ᠢ ᠦᠷᠨᠢᠬᠦᠯᠵᠤ᠂   ᠬᠦᠯ ᠪᠦᠮᠪᠦᠭᠡ ᠶᠢᠨ ᠬᠦᠮᠤᠨ ᠠᠮᠠ   ᠶᠢᠨ ᠬᠡᠪᠴᠢᠶ᠎ᠠ ᠶᠢ   ᠳᠠᠰᠣᠷᠡᠯᠳᠠ ᠦᠭᠡᠢ ᠦᠷᠭᠡᠳᠭᠡᠨ᠎ᠠ᠃   ᠨᠡᠶᠢᠭᠡᠮ ᠳᠤᠭᠤᠷᠢᠭ ᠤᠨ ᠬᠦᠯ ᠪᠦᠮᠪᠦᠭᠡ ᠶᠢᠨ ︽  ᠵᠢᠷᠭᠤᠭᠠᠨ ᠨᠢᠭᠡ︾ ᠶᠢ   ᠪᠡᠶᠡᠯᠡᠬᠦᠯᠤᠨ᠎ᠠ᠂   ᠳᠠᠷᠣᠢ᠄ ᠨᠡᠶᠢᠭᠡᠮ ᠳᠤᠭᠤᠷᠢᠭ ᠤᠨ ᠨᠢᠭᠡᠨ ᠬᠦᠯ ᠪᠦᠮᠪᠦᠭᠡ ᠶᠢᠨ ᠵᠤᠬᠢᠶᠠᠨ ᠪᠠᠶᠢᠭᠤᠯᠤᠯᠳᠠ ᠶᠢᠨ   ᠤᠳᠤᠷᠢᠳᠤᠯᠭ᠎ᠠ ᠶᠢᠨ ᠪᠠᠶᠢᠭᠤᠯᠤᠮᠵᠢ ᠶᠢ ᠪᠠᠶᠢᠭᠤᠯᠵᠤ᠂ ᠨᠢᠭᠡᠨ ᠡᠩᠨᠡᠭᠡ ᠨᠡᠶᠢᠭᠡᠮ ᠳᠤᠭᠤᠷᠢᠭ ᠤᠨ ᠠᠵᠢᠯ ᠤᠨ ᠴᠢᠯᠣᠭᠡᠨ   ᠤ ᠬᠦᠯ ᠪᠦᠮᠪᠦᠭᠡ ᠶᠢᠨ ᠠᠩᠬᠢ ᠪᠠᠶᠢᠭᠤᠯᠵᠤ᠂   ᠨᠢᠭᠡᠨ ᠬᠡᠰᠡᠭ ᠨᠡᠶᠢᠭᠡᠮ ᠳᠤᠭᠤᠷᠢᠭ ᠤᠨ ᠬᠦᠯ ᠪᠦᠮᠪᠦᠭᠡ ᠶᠢᠨ   ᠬᠦᠳᠡᠯᠭᠡᠭᠡᠨ ᠤ ᠭᠠᠵᠠᠷ ᠢ ᠨᠠᠶᠢᠳᠠᠪᠤᠷᠢᠵᠢᠭᠤᠯᠵᠤ᠂   ᠨᠢᠭᠡ ᠵᠦᠢᠯ ᠤᠨ ᠨᠡᠶᠢᠭᠡᠮ ᠳᠤᠭᠤᠷᠢᠭ ᠤᠨ ᠬᠦᠯ ᠪᠦᠮᠪᠤᠭᠡᠨ ᠠᠵᠢᠯ   ᠦᠢᠯᠡᠰ ᠤᠨ ᠬᠦᠭᠵᠢᠯᠳᠡ ᠶᠢᠨ ᠵᠠᠷᠣᠳᠠᠯ ᠢ ᠳᠤᠬᠢᠷᠡᠭᠤᠯᠵᠤ᠂ ᠨᠢᠭᠡ ᠤᠳᠠᠭᠠᠨ ᠤ ᠨᠡᠶᠢᠭᠡᠮ ᠳᠤᠭᠤᠷᠢᠭ ᠤᠨ ᠬᠦᠯ   ᠪᠦᠮᠪᠦᠭᠡ ᠶᠢᠨ ᠬᠠᠮᠳᠤᠷᠡᠬᠰᠠᠨ ᠤᠷᠤᠯᠳᠤᠭᠠᠨ ᠢ ᠵᠤᠬᠢᠶᠠᠨ ᠪᠠᠶᠢᠭᠤᠯᠤᠨ ᠦᠷᠨᠢᠬᠦᠯᠵᠤ᠂ ᠨᠢᠭᠡᠨ ᠲᠦᠬᠦᠷ ᠨᠠᠶᠢᠭᠡᠮ   ᠳᠤᠭᠤᠷᠢᠭ ᠤᠨ ᠬᠦᠯ ᠪᠦᠮᠪᠦᠭᠡ ᠶᠢᠨ ᠠᠵᠢᠯ ᠤᠨ ᠳᠤᠬᠳᠠᠴᠠ ᠶᠢ ᠪᠠᠶᠢᠭᠤᠯᠬᠤ ᠪᠤᠯᠤᠨ᠎ᠠ᠃ ᠰᠣᠷᠭᠠᠭᠤᠯᠢ ᠶᠢᠨ ᠬᠦᠷᠢᠶᠠᠨ   ᠤ ᠬᠦᠯ ᠪᠦᠮᠪᠦᠭᠡ ᠶᠢ ᠬᠦᠨᠵᠡᠭᠡᠢ ᠦᠷᠨᠢᠬᠦᠯᠵᠤ᠂   ︽ᠳᠡᠷᠢᠬᠦᠯᠡᠭᠴᠢ ᠶᠢᠨ ᠬᠤᠨᠳᠠᠭ᠎ᠠ︾᠂ ︽  ᠠᠶᠢᠮᠠᠭ ᠤᠨ ᠳᠠᠷᠤᠭ᠎ᠠ   ᠶᠢᠨ ᠬᠤᠨᠳᠠᠭ᠎ᠠ︾᠂   ︽  ᠬᠤᠰᠢᠭᠤᠨ ᠳᠠᠷᠤᠭ᠎ᠠ ᠶᠢᠨ ᠬᠤᠨᠳᠠᠭ᠎ᠠ︾᠂   ︽ᠰᠣᠷᠭᠠᠭᠤᠯᠢ ᠶᠢᠨ ᠵᠠᠬᠢᠷᠣᠯ ᠤᠨ ᠬᠤᠨᠳᠠᠭ᠎ᠠ  ︾ ᠲᠦᠷᠪᠡᠨ ᠳᠡᠰ  ᠤᠨ ᠬᠠᠮᠳᠤᠷᠡᠬᠰᠠᠨ ᠤᠷᠤᠯᠳᠤᠭᠠᠨ ᠢ ᠳᠡᠬᠦᠯᠳᠡᠷᠵᠢᠬᠦᠯᠵᠤ᠂ ᠰᠣᠷᠭᠠᠭᠤᠯᠢ ᠶᠢᠨ ᠬᠦᠷᠢᠶᠠᠨ ᠤ ᠬᠦᠯ   ᠪᠦᠮᠪᠦᠭᠡ ᠶᠢᠨ ᠤᠨᠴᠠᠯᠢᠬᠳᠤ ᠰᠣᠷᠭᠠᠭᠤᠯᠢ ᠭᠠᠷᠠᠭ ᠪᠦᠷᠢ ᠨᠢᠭᠡ ᠳᠠᠮᠢᠷ ᠤᠨ ᠬᠢᠴᠢᠶᠡᠯ ᠤᠨ ᠴᠠᠭ ᠢ ᠠᠰᠢᠬᠯᠠᠨ ᠬᠦᠯ   ᠪᠦᠮᠪᠦᠭᠡ  ᠶᠢᠨ ᠬᠢᠴᠢᠶᠡᠯ ᠨᠡᠭᠡᠭᠡᠵᠤ᠂   ᠬᠡᠣᠬᠡᠳ ᠤᠨ ᠴᠡᠴᠡᠷᠯᠢᠭ᠂   ᠳᠤᠮᠳᠠᠳᠤ ᠪᠠᠭ᠎ᠠ ᠰᠣᠷᠭᠠᠭᠤᠯᠢ ᠪᠤᠯᠤᠨ ᠶᠡᠭᠡ   ᠳᠤᠮᠳᠠ ᠳᠡᠭᠡᠳᠤ ᠰᠣᠷᠭᠠᠭᠤᠯᠢ ᠬᠦᠯ ᠪᠦᠮᠪᠦᠭᠡ ᠶᠢᠨ ᠬᠦᠳᠡᠯᠭᠡᠭᠡᠨ ᠢ ᠦᠷᠨᠢᠬᠦᠯᠬᠦ ᠶᠢ ᠲᠦᠯᠬᠢᠨ ᠠᠬᠢᠭᠤᠯᠵᠤ᠂   ᠰᠣᠷᠣᠬᠴᠢᠳ ᠤᠨ ᠬᠦᠯ ᠪᠦᠮᠪᠦᠭᠡ ᠶᠢᠨ ᠬᠦᠳᠡᠯᠭᠡᠭᠡᠨ ᠳᠤ ᠤᠷᠤᠯᠴᠠᠬᠤ ᠤᠷᠤᠯᠴᠠᠬᠤ ᠨᠤᠷᠮ᠎ᠠ ᠶᠢ ᠳᠠᠰᠣᠷᠡᠯᠳᠠ ᠦᠭᠡᠢ   ᠳᠡᠭᠡᠭᠰᠢᠯᠡᠬᠦᠯᠵᠤ᠂   ᠳᠤᠷᠰᠢᠯᠳᠠ ᠶᠢᠨ ᠴᠡᠭ ᠤᠨ ᠬᠡᠣᠬᠡᠳ ᠤᠨ ᠴᠡᠴᠡᠷᠯᠢᠭ ᠤᠨ ᠬᠦᠯ ᠪᠦᠮᠪᠦᠭᠡ ᠶᠢᠨ ᠭᠡᠭᠡᠷᠡᠬᠦᠯᠣᠨ   ᠬᠦᠮᠤᠵᠢᠬᠦᠯᠬᠦ ᠠᠵᠢᠯ ᠢ ᠲᠦᠯᠬᠢᠨ ᠠᠬᠢᠭᠤᠯᠤᠨ᠎ᠠ᠃ ᠰᠣᠷᠭᠠᠭᠤᠯᠢ ᠶᠢᠨ ᠬᠦᠷᠢᠶᠠᠨ ᠤ ᠬᠦᠯ ᠪᠦᠮᠪᠦᠭᠡ   ᠶᠢᠨ   ᠬᠠᠮᠳᠤᠷᠡᠬᠰᠠᠨ ᠤᠷᠤᠯᠳᠤᠭᠠᠨ᠂   ᠵᠠᠯᠠᠭᠤᠴᠣᠳ ᠪᠠᠭᠠᠴᠣᠳ ᠤᠨ ᠬᠦᠯ ᠪᠦᠮᠪᠦᠭᠡ ᠶᠢᠨ ᠮᠠᠩᠯᠠᠢ ᠰᠢᠯᠭᠠᠷᠡᠭᠤᠯᠬᠤ   ᠤᠷᠤᠯᠳᠤᠭᠠᠨ ᠵᠢᠴᠢ U ᠰᠢᠷᠢᠰ ᠬᠠᠮᠳᠤᠷᠡᠬᠰᠠᠨ ᠤᠷᠤᠯᠳᠤᠭᠠᠨ᠂   ᠨᠡᠶᠢᠭᠡᠮ ᠳᠤᠭᠤᠷᠢᠭ ᠤᠨ ᠰᠠᠭᠤᠭᠠᠯᠢ ᠠᠷᠡᠳ ᠤᠨ   ᠬᠦᠯ ᠪᠦᠮᠪᠦᠭᠡ ᠶᠢᠨ ᠬᠠᠮᠳᠤᠷᠡᠬᠰᠠᠨ ᠤᠷᠤᠯᠳᠤᠭᠠᠨ᠂   ᠪᠠᠶᠢᠭᠤᠯᠤᠯᠭ᠎ᠠ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ   ᠶᠢᠨ ᠠᠵᠢᠯᠳᠡᠨ ᠠᠵᠢᠯᠴᠢᠨ ᠤ ᠬᠦᠯ ᠪᠦᠮᠪᠦᠭᠡ ᠶᠢᠨ ᠬᠠᠮᠳᠤᠷᠡᠬᠰᠠᠨ ᠤᠷᠤᠯᠳᠤᠭᠠᠨ  ᠢ ᠢᠳᠡᠪᠬᠢᠳᠠᠢ ᠦᠷᠨᠢᠬᠦᠯᠵᠤ᠂   ᠤᠷᠤᠯᠳᠤᠭᠠᠨ ᠤ ᠲᠦᠷᠢᠮ ᠳᠤᠬᠳᠠᠭᠤᠨ᠂   ᠳᠡᠰ ᠳᠠᠷᠠᠭ᠎ᠠ ᠳᠤᠳᠤᠷᠬᠠᠢ᠂   ᠵᠠᠯᠭᠠᠮᠵᠢ ᠡᠮᠬᠢ ᠳᠠᠷᠠᠭ᠎ᠠ ᠲᠠᠢ᠂   ᠬᠤᠳᠠ   ᠬᠦᠳᠡᠭᠡ ᠶᠢᠨ ᠭᠠᠵᠠᠷ ᠪᠤᠯᠭᠠᠨ ᠳᠤ ᠤᠷᠤᠯᠳᠤᠭᠠᠨ ᠤ ᠪᠠᠶᠢᠷᠢᠰᠢᠯ ᠢ ᠠᠯᠬᠤᠮ ᠠᠯᠬᠤᠮ ᠢᠶᠠᠷ ᠪᠤᠢ ᠪᠤᠯᠭᠠᠨ᠎ᠠ᠃             ︵  ᠵᠢᠷᠭᠤᠭ᠎ᠠ︶   ᠨᠡᠶᠢᠭᠡᠮ ᠤᠨ ᠪᠡᠶ᠎ᠡ ᠶᠢᠨ ᠳᠠᠮᠢᠷ ᠤᠨ ᠵᠢᠯᠤᠭᠤᠳᠤᠬᠴᠢ ᠶᠢᠨ ᠵᠢᠯᠤᠭᠤᠳᠬᠤ ᠬᠢᠷᠢ ᠲᠦᠪᠰᠢᠨ ᠢ   ᠳᠡᠭᠡᠭᠰᠢᠯᠡᠬᠦᠯᠤᠨ᠎ᠠ᠃   ᠨᠡᠶᠢᠭᠡᠮ ᠤᠨ ᠪᠡᠶ᠎ᠡ ᠶᠢᠨ ᠳᠠᠮᠢᠷ ᠤᠨ ᠵᠢᠯᠤᠭᠤᠳᠤᠬᠴᠢ ᠶᠢᠨ ᠰᠢᠨᠵᠢᠯᠡᠬᠦ ᠤᠬᠠᠭᠠᠨᠴᠢ ᠪᠠᠷ ᠪᠡᠶ᠎ᠡ   ᠪᠤᠯᠪᠠᠰᠣᠷᠡᠭᠤᠯᠬᠤ ᠦᠢᠯᠡᠴᠢᠯᠡᠭᠡ ᠶᠢᠨ ᠵᠢᠯᠤᠭᠤᠳᠬᠤ ᠴᠢᠳᠠᠪᠤᠷᠢ ᠶᠢ ᠬᠦᠮᠣᠵᠢᠬᠦᠯᠬᠦ ᠶᠢ ᠴᠢᠩᠭᠠᠳᠬᠠᠵᠤ᠂ ᠰᠢᠨᠵᠢᠯᠡᠬᠦ   ᠤᠬᠠᠭᠠᠨᠴᠢ ᠪᠠᠷ ᠪᠡᠶ᠎ᠡ ᠪᠤᠯᠪᠠᠰᠣᠷᠡᠭᠤᠯᠬᠤ ᠮᠡᠳᠡᠯᠭᠡ ᠶᠢ ᠤᠯᠠᠮᠵᠢᠯᠠᠬᠤ ᠪᠠ ᠬᠠᠪᠰᠣᠷᠣᠨ ᠵᠢᠯᠤᠭᠤᠳᠬᠤ ᠶᠢ ᠲᠦᠯᠬᠢᠨ   ᠠᠬᠢᠭᠤᠯᠤᠨ᠎ᠠ᠃   ᠵᠢᠯ ᠪᠦᠷᠢ ᠨᠡᠶᠢᠭᠡᠮ ᠤᠨ ᠪᠡᠶ᠎ᠡ ᠳᠠᠮᠢᠷ ᠤᠨ ᠵᠢᠯᠤᠭᠤᠳᠤᠬᠴᠢ ᠶᠢ ᠠᠳᠠᠭ ᠲᠠᠭᠠᠨ 100 ᠬᠦᠮᠤᠨ ᠠᠴᠠ   ᠳᠡᠭᠡᠭᠰᠢ ᠪᠤᠯᠪᠠᠰᠣᠷᠡᠭᠤᠯᠵᠤ᠂   ᠵᠢᠯ ᠳᠡᠭᠡᠨ ᠦᠨᠳᠤᠰᠣᠨ ᠱᠠᠳᠤᠨ ᠤ ᠪᠦᠬᠦ ᠠᠷᠡᠳ ᠤᠨ ᠪᠡᠶ᠎ᠡ ᠪᠤᠯᠪᠠᠰᠣᠷᠡᠭᠤᠯᠬᠤ ᠶᠢ   ᠵᠢᠯᠤᠭᠤᠳᠬᠤ ᠳᠤ ᠤᠷᠤᠯᠴᠠᠬᠤ   ᠨᠡᠶᠢᠭᠡᠮ ᠤᠨ ᠪᠡᠶ᠎ᠡ ᠶᠢᠨ ᠳᠠᠮᠢᠷ ᠤᠨ ᠵᠢᠯᠤᠭᠤᠳᠤᠬᠴᠢ ᠶᠢᠨ   ᠬᠦᠮᠤᠨ ᠤ ᠳᠤᠭ᠎ᠠ ᠶᠢ  1000 ᠬᠦᠮᠤᠨ ᠤ ᠤᠷᠴᠢᠮ ᠪᠠᠶᠢᠬᠤ ᠶᠢ ᠪᠠᠳᠤᠯᠠᠵᠤ᠂ ᠭᠠᠴᠠᠭ᠎ᠠ ᠳᠤᠰᠬᠤᠨ᠂   ᠨᠡᠶᠢᠭᠡᠮ ᠳᠤᠭᠤᠷᠢᠭ ᠵᠢᠴᠢ ᠡᠯ᠎ᠠ   ᠵᠦᠢᠯ ᠤᠨ ᠪᠡᠶ᠎ᠡ ᠪᠤᠯᠪᠠᠰᠣᠷᠡᠭᠤᠯᠬᠤ ᠺᠡᠯᠦ᠋ᠪ᠂   ᠪᠡᠶ᠎ᠡ ᠪᠤᠯᠪᠠᠰᠣᠷᠡᠭᠤᠯᠬᠤ ᠦᠷᠳᠡᠭᠡ ︵ᠴᠡᠭ︶ ᠪᠦᠷᠢ ᠳᠤ 2 ᠨᠡᠷᠡᠰ   ᠠᠴᠠ ᠳᠡᠭᠡᠭᠰᠢ ᠨᠡᠶᠢᠭᠡᠮ ᠤᠨ ᠪᠡᠶ᠎ᠡ ᠶᠢᠨ ᠳᠠᠮᠢᠷ ᠤᠨ ᠵᠢᠯᠤᠭᠤᠳᠤᠬᠴᠢ ᠶᠢ ᠳᠤᠬᠢᠷᠡᠭᠤᠯᠤᠨ᠎ᠠ᠃             ︵  ᠳᠤᠯᠤᠭ᠎ᠠ︶     ᠳᠠᠮᠢᠷ ᠤᠨ ᠠᠵᠤ ᠦᠢᠯᠡᠰ ᠤᠨ ᠬᠦᠭᠵᠢᠯᠳᠡ ᠶᠢ ᠠᠬᠢᠭᠤᠯᠤᠨ᠎ᠠ᠃ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ   ᠪᠠ ᠰᠣᠷᠭᠠᠨ ᠬᠦᠮᠣᠵᠢᠯ᠂   ᠰᠣᠶᠣᠯ᠂   ᠡᠷᠡᠬᠦᠯ ᠬᠠᠮᠠᠭᠠᠯᠠᠯ᠂   ᠵᠤᠭᠠᠴᠠᠯ ᠵᠡᠷᠭᠡ ᠤᠯᠠᠨ ᠵᠦᠢᠯ ᠤᠨ   ᠨᠡᠶᠢᠭᠡᠮ ᠤᠨ ᠦᠢᠯᠡᠰ ᠢ ᠨᠡᠶᠢᠳᠭᠡᠨ ᠬᠦᠭᠵᠢᠬᠦᠯᠬᠦ ᠶᠢ ᠢᠳᠡᠪᠬᠢᠳᠠᠢ ᠬᠠᠶᠢᠨ ᠰᠦᠪᠡᠭᠴᠢᠯᠡᠨ᠎ᠠ᠃ ᠪᠦᠬᠦ ᠠᠷᠡᠳ ᠤᠨ ᠪᠡᠶ᠎ᠡ   ᠪᠤᠯᠪᠠᠰᠣᠷᠡᠭᠤᠯᠬᠤ ᠪᠠ ᠡᠷᠡᠬᠦᠯ ᠮᠡᠨᠳᠤ ᠨᠠᠰᠣᠳᠠᠶᠢᠴᠣᠳ ᠢ ᠠᠰᠠᠷᠡᠬᠤ᠂ ᠡᠮ ᠡᠮᠨᠡᠯᠭᠡ ᠡᠷᠡᠬᠦᠯ ᠬᠠᠮᠠᠭᠠᠯᠠᠯ᠂   ᠨᠡᠶᠢᠭᠡᠮ   ᠤᠨ ᠪᠦᠳᠤᠭᠡᠨ ᠪᠠᠶᠢᠭᠤᠯᠤᠯᠳᠠ ᠶᠢ ᠨᠡᠶᠢᠳᠭᠡᠨ ᠬᠦᠭᠵᠢᠬᠦᠯᠵᠤ᠂ ᠡᠮ ᠡᠮᠨᠡᠯᠭᠡ ᠪᠡᠶ᠎ᠡ ᠪᠤᠯᠪᠠᠰᠣᠷᠡᠭᠤᠯᠬᠤ ᠶᠢ ︽  ᠤᠶᠤᠨᠴᠢᠯᠠᠬᠰᠠᠨ ᠺᠡᠷᠲ︾ ᠢ ᠬᠡᠷᠡᠭᠵᠢᠬᠦᠯᠤᠨ᠎ᠠ᠃ ᠨᠡᠶᠢᠭᠡᠮ ᠤᠨ ᠬᠦᠴᠣᠨ ᠪᠦᠬᠦ ᠠᠷᠡᠳ  ᠤᠨ ᠪᠡᠶ᠎ᠡ ᠪᠤᠯᠪᠠᠰᠣᠷᠡᠭᠤᠯᠬᠤ   ᠬᠦᠳᠡᠯᠭᠡᠭᠡᠨ ᠤ ᠤᠷᠤᠯᠳᠤᠭᠠᠨ ᠤ ᠶᠠᠪᠤᠳᠠᠯ ᠢ   ᠡᠷᠬᠢᠯᠡᠬᠦ ᠳᠤ ᠤᠷᠤᠯᠴᠠᠬᠤ ᠶᠢ ᠵᠤᠷᠢᠬᠵᠢᠭᠤᠯᠵᠤ᠂ ᠨᠡᠶᠢᠭᠡᠮ ᠤᠨ   ᠵᠤᠬᠢᠶᠠᠨ ᠪᠠᠶᠢᠭᠤᠯᠤᠯᠳᠠ ᠪᠤᠯᠤᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢ ᠳᠡᠮᠵᠢᠨ ᠬᠦᠳᠤᠯᠤᠨ   ᠵᠢᠯᠤᠭᠤᠳᠴᠣ ᠭᠠᠳᠠᠨ᠎ᠠ ᠪᠠᠭᠤᠳᠠᠯᠯᠠᠬᠤ᠂   ᠶᠠᠪᠠᠭᠠᠨ ᠪᠤᠶᠤ ᠤᠨᠤᠵᠤ ᠶᠠᠪᠤᠬᠤ ᠦᠢᠯᠡᠴᠢᠯᠡᠭᠡᠨ ᠤ ᠦᠷᠳᠡᠭᠡ᠂ ᠮᠠᠰᠢᠨ   ᠳᠡᠷᠭᠡ ᠶᠢᠨ ᠵᠠᠳᠠᠭᠠᠢ ᠭᠠᠵᠠᠷ᠂   ᠴᠠᠰᠣ ᠮᠦᠰᠣᠨ ᠤ ᠬᠦᠳᠡᠯᠭᠡᠭᠡᠨ ᠤ ᠭᠠᠵᠡᠷ ᠵᠡᠷᠭᠡ ᠪᠡᠶ᠎ᠡ ᠶᠢᠨ ᠳᠠᠮᠢᠷ ᠤᠨ ᠪᠡᠶ᠎ᠡ   ᠪᠤᠯᠪᠠᠰᠣᠷᠡᠭᠤᠯᠬᠤ ᠳᠤᠨᠤᠭ ᠲᠦᠬᠦᠭᠡᠷᠣᠮᠵᠢ ᠶᠢ ᠬᠦᠭᠵᠢᠬᠦᠯᠵᠤ   ᠠᠮᠢ ᠠᠬᠤᠢ ᠶᠢᠨ ᠰᠡᠯᠡᠬᠦᠴᠡᠯ ᠪᠡᠶ᠎ᠡ ᠶᠢᠨ ᠳᠠᠮᠢᠷ ᠢ   ᠦᠷᠨᠢᠬᠦᠯᠵᠤ᠂   ᠳᠡᠭᠡᠳᠤ ᠬᠢᠷᠢ ᠲᠦᠪᠰᠢᠨ ᠪᠦᠬᠦᠢ ᠤᠷᠤᠯᠳᠤᠭᠠᠨ ᠤ ᠶᠠᠪᠤᠳᠠᠯ ᠢ ᠵᠤᠬᠢᠶᠠᠨ ᠪᠠᠶᠢᠭᠤᠯᠤᠨ ᠡᠷᠬᠢᠯᠡᠵᠤ ᠪᠡᠶ᠎ᠡ   ᠶᠢᠨ ᠳᠠᠮᠢᠷ ᠤᠨ ᠠᠵᠤ ᠦᠢᠯᠡᠰ ᠢ ᠲᠦᠯᠬᠢᠨ ᠠᠬᠢᠭᠤᠯᠵᠤ᠂   ᠪᠡᠶ᠎ᠡ ᠳᠠᠮᠢᠷ ᠤᠨ ᠬᠡᠷᠡᠭᠯᠡᠭᠡᠨ ᠢ ᠳᠠᠳᠠᠨ ᠬᠦᠳᠡᠯᠭᠡᠵᠤ᠂   ᠪᠡᠶ᠎ᠡ ᠳᠠᠮᠢᠷ ᠤᠨ ᠠᠵᠤ ᠦᠢᠯᠡᠰ ᠤᠨ ᠰᠠᠭᠤᠷᠢ ᠶᠢ ᠪᠠᠳᠤ ᠳᠠᠯᠪᠢᠵᠤ᠂ ᠪᠡᠶ᠎ᠡ ᠳᠠᠮᠢᠷ ᠤᠨ ᠠᠵᠤ ᠦᠢᠯᠡᠰ ᠤᠨ ᠭᠤᠤᠯ   ᠴᠣᠬᠴᠠ ᠶᠢ ᠪᠤᠶᠢᠵᠢᠭᠤᠯᠵᠤ᠂ ᠪᠡᠶ᠎ᠡ ᠳᠠᠮᠢᠷ ᠤᠨ ᠠᠵᠤ ᠦᠢᠯᠡᠰ ᠤᠨ ᠪᠦᠳᠤᠴᠡ ᠶᠢ ᠰᠠᠶᠢᠵᠢᠷᠡᠭᠤᠯᠵᠤ᠂ ᠪᠡᠶ᠎ᠡ ᠶᠢᠨ   ᠳᠠᠮᠢᠷ ᠤᠨ ᠠᠵᠤ ᠦᠢᠯᠡᠰ   ᠢ ᠨᠡᠶᠢᠳᠭᠡᠨ ᠬᠦᠭᠵᠢᠬᠦᠯᠬᠦ ᠶᠢ ᠲᠦᠯᠬᠢᠨ ᠠᠬᠢᠭᠤᠯᠤᠨ᠎ᠠ᠃   ᠤᠨᠴᠠᠯᠢᠬᠳᠤ ᠪᠡᠶ᠎ᠡ ᠶᠢᠨ   ᠳᠠᠮᠢᠷ ᠤᠨ ᠠᠵᠤ ᠦᠢᠯᠡᠰ ᠢ ᠶᠡᠬᠡᠪᠡᠷ ᠬᠦᠭᠵᠢᠬᠦᠯᠵᠤ᠂   ᠪᠡᠶ᠎ᠡ ᠶᠢᠨ ᠳᠠᠮᠢᠷ ᠤᠨ ᠪᠡᠶ᠎ᠡ ᠪᠤᠯᠪᠠᠰᠣᠷᠡᠭᠤᠯᠬᠤ ᠦᠢᠯᠡᠴᠢᠯᠡᠭᠡᠨ   ᠤ ᠦᠢᠯᠡᠰ ᠤᠨ ᠬᠦᠭᠵᠢᠯᠳᠡ  ᠶᠢ ᠲᠦᠷᠭᠡᠳᠭᠡᠵᠤ᠂   ᠤᠨᠴᠠᠯᠢᠭ ᠢᠶᠠᠷ ᠳᠤᠪᠤᠶᠢᠮ᠎ᠠ᠂   ᠪᠠᠶᠢᠷᠢᠰᠢᠯ ᠪᠦᠳᠤᠴᠡ ᠨᠢ   ᠵᠤᠬᠢᠰᠳᠠᠢ᠂   ᠦᠢᠯᠡᠳᠬᠦᠨ ᠪᠠ ᠦᠢᠯᠡᠴᠢᠯᠡᠭᠡ ᠪᠠᠷ ᠡᠯᠪᠡᠭ ᠪᠠᠶᠠᠯᠢᠭ   ᠪᠡᠶ᠎ᠡ ᠶᠢᠨ ᠳᠠᠮᠢᠷ ᠤᠨ ᠠᠵᠤ ᠦᠢᠯᠡᠰ ᠤᠨ   ᠰᠢᠰᠲ᠋ᠧᠮ ᠢ ᠪᠠᠶᠢᠭᠤᠯᠤᠨ᠎ᠠ᠃               ᠲᠦᠷᠪᠡ᠂ ᠪᠠᠳᠣᠯᠠᠭ᠎ᠠ ᠶᠢᠨ ᠠᠷᠭ᠎ᠠ ᠬᠡᠮᠵᠢᠶ᠎ᠠ             ︵ᠨᠢᠭᠡ︶ ᠪᠦᠬᠦ ᠠᠷᠡᠳ ᠤᠨ ᠪᠠᠶ᠎ᠠ ᠪᠣᠯᠪᠠᠰᠣᠷᠡᠬᠤ ᠬᠠᠣᠯᠢ ᠲᠦᠷᠢᠮ ᠢ ᠭᠡᠷᠡᠭᠵᠢᠬᠦᠯᠬᠦ ᠶᠢ ᠴᠢᠩᠭᠠᠳᠬᠠᠨ᠎ᠠ ᠃ ︽  ᠪᠦᠬᠦᠳᠡ ᠨᠠᠶᠢᠷᠡᠮᠳᠡᠬᠤ ᠲᠣᠮᠳᠡᠳᠣ ᠠᠷᠡᠳ ᠣᠯᠣᠰ ᠤᠨ ᠪᠠᠶ᠎ᠠ ᠲᠠᠮᠢᠷ ᠤᠨ ᠬᠠᠣᠯᠢ︾  ᠂ ︽ᠪᠦᠬᠦ ᠠᠷᠡᠳ  ᠤᠨ ᠪᠠᠶ᠎ᠠ   ᠪᠣᠯᠪᠠᠰᠣᠷᠡᠬᠤ ᠲᠣᠬᠳᠡᠭᠠᠯ︾᠂ ︽ᠨᠠᠶᠢᠳᠡ ᠶᠢᠨ ᠰᠣᠶᠣᠯ ᠪᠠᠶ᠎ᠠ ᠲᠠᠮᠢᠷ ᠤᠨ ᠲᠦᠬᠦᠭᠡᠷᠣᠮᠵᠢ ᠶᠢᠨ ᠲᠦᠷᠢᠮ ᠲᠣᠬᠳᠡᠭᠠᠯ︾ ᠢ ᠲᠣᠣᠱᠯᠠᠭᠤᠯᠣᠨ ᠭᠡᠷᠡᠭᠵᠢᠬᠦᠯᠵᠣ  ᠂ ︽ᠪᠦᠬᠦ ᠠᠷᠡᠳ ᠤᠨ ᠪᠠᠶ᠎ᠠ ᠪᠣᠯᠪᠠᠰᠣᠷᠡᠬᠤ ᠲᠦᠷᠢᠮ ᠲᠣᠬᠳᠡᠭᠠᠯ︾ ᠲᠠᠢ   ᠲᠦᠬᠦᠷᠵᠢᠭᠰᠡᠨ ᠲᠦᠷᠢᠮ ᠲᠣᠬᠳᠡᠭᠠᠯ ᠪᠣᠯᠣᠨ ᠲᠦᠷᠣ ᠶᠢᠨ ᠪᠣᠳᠣᠯᠭ᠎ᠠ ᠶᠢ ᠲᠣᠬᠳᠡᠭᠠᠵᠣ᠂ ᠵᠠᠰᠠᠭ ᠵᠠᠬᠢᠷᠭᠠᠨ ᠤ ᠬᠠᠣᠯᠢ   ᠭᠡᠷᠡᠭᠵᠢᠬᠦᠯᠬᠦ ᠳᠤ ᠬᠢᠨᠠᠯᠳᠡ ᠲᠠᠯᠪᠢᠨ ᠪᠠᠶᠢᠴᠠᠭᠠᠬᠤ ᠶᠢ ᠴᠢᠩᠭᠠᠳᠬᠠᠵᠣ᠂ ᠪᠦᠬᠦ ᠠᠷᠡᠳ ᠤᠨ ᠪᠠᠶ᠎ᠠ ᠪᠣᠯᠪᠠᠰᠣᠷᠡᠬᠤ ᠣᠷᠳᠣ   ᠬᠤᠭᠤᠴᠠᠭ᠎ᠠ ᠬᠦᠴᠣᠨᠳᠡᠢ ᠬᠠᠮᠢᠶᠠᠷᠣᠯᠳᠡ ᠶᠢᠨ ᠲᠣᠬᠳᠡᠴᠠ ᠶᠢ ᠪᠠᠶᠢᠭᠤᠯᠣᠨ   ᠲᠡᠬᠦᠯᠳᠡᠷᠵᠢᠬᠦᠯᠣᠨ᠎ᠠ᠃               ︵ᠬᠤᠶᠠᠷ︶ ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ ᠣᠶᠢᠯᠡᠰ ᠤᠨ ᠵᠠᠷᠣᠳᠡᠯ   ᠢ ᠣᠷᠣᠭᠤᠯᠬᠤ   ᠬᠦᠴᠣᠯᠠᠴᠠ ᠶᠢ ᠨᠡᠮᠡᠭᠳᠡᠬᠦᠯᠣᠨ᠎ᠠ᠃ ᠡᠯ᠎ᠠ ᠱᠠᠳᠣᠨ ᠤ ᠵᠠᠰᠠᠭ ᠤᠨ ᠣᠷᠳᠣᠨ ᠪᠦᠬᠦ ᠠᠷᠡᠳ ᠤᠨ ᠪᠠᠶ᠎ᠠ ᠪᠣᠯᠪᠠᠰᠣᠷᠡᠬᠤ   ᠠᠵᠢᠯ ᠤᠨ ᠣᠳᠣᠷᠢᠳᠣᠯᠭ᠎ᠠ ᠪᠠᠨ ᠴᠢᠩᠭᠠᠳᠬᠠᠨ᠎ᠠ᠃ ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ ᠤᠨ ︽ ᠭᠤᠷᠪᠡᠨ   ᠣᠷᠣᠭᠤᠯᠣᠯᠳᠡ︾ ᠶᠢᠨ ᠲᠦᠷᠣ ᠶᠢᠨ ᠪᠣᠳᠣᠯᠭ᠎ᠠ ᠶᠢ ᠴᠢᠩᠭ᠎ᠠ ᠨᠠᠶᠢᠳᠡᠪᠣᠷᠢᠵᠢᠭᠤᠯᠣᠨ᠎ᠠ᠂ ᠲᠠᠷᠣᠢ᠄ ᠪᠦᠬᠦ ᠠᠷᠡᠳ ᠤᠨ   ᠪᠠᠶ᠎ᠠ ᠪᠣᠯᠪᠠᠰᠣᠷᠡᠬᠤ ᠠᠵᠢᠯ ᠣᠶᠢᠯᠡᠰ ᠤᠨ ᠵᠠᠷᠣᠳᠡᠯ ᠢ ᠣᠯᠣᠰ ᠠᠷᠡᠳ ᠤᠨ ᠠᠵᠣ ᠠᠬᠤᠢ ᠨᠡᠶᠢᠬᠡᠮ  ᠤᠨ ᠬᠦᠭᠵᠢᠯᠳᠡ   ᠶᠢᠨ ᠦᠨᠢ ᠤᠳᠠᠭᠠᠨ ᠤ ᠲᠦᠯᠣᠪᠵᠢᠬᠦᠯᠭᠡ ᠳᠤ ᠣᠷᠣᠭᠤᠯᠣᠨ᠎ᠠ᠂ ᠨᠠᠶᠢᠳᠡ ᠶᠢᠨ ᠪᠠᠶ᠎ᠠ ᠲᠠᠮᠢᠷ ᠤᠨ ᠪᠠᠶ᠎ᠠ ᠪᠣᠯᠪᠠᠰᠣᠷᠡᠬᠤ   ᠲᠦᠬᠦᠭᠡᠷᠣᠮᠵᠢ ᠶᠢᠨ ᠪᠦᠳᠣᠭᠡᠨ ᠪᠠᠶᠢᠭᠤᠯᠣᠯᠳᠡ ᠶᠢ ᠬᠤᠳᠡ ᠬᠦᠳᠡᠭᠡ ᠶᠢᠨ ᠪᠦᠳᠣᠭᠡᠨ ᠪᠠᠶᠢᠭᠤᠯᠣᠯᠳᠡ ᠪᠣᠯᠣᠨ ᠭᠠᠵᠡᠷ   ᠰᠢᠷᠣᠢ ᠶᠢᠨ ᠠᠰᠢᠬᠯᠡᠯᠳᠡ ᠶᠢᠨ ᠪᠦᠬᠦᠯᠢ ᠴᠣᠬᠴᠠᠳᠣ ᠲᠦᠯᠣᠪᠵᠢᠬᠦᠯᠭᠡ ᠳᠤ ᠣᠷᠣᠭᠤᠯᠣᠨ᠎ᠠ᠂ ᠪᠦᠬᠦ ᠠᠷᠡᠳ ᠤᠨ ᠪᠠᠶ᠎ᠠ   ᠪᠣᠯᠪᠠᠰᠣᠷᠡᠬᠤ ᠠᠵᠢᠯ ᠤᠨ ᠭᠡᠷᠡᠭᠰᠠᠬᠦ ᠵᠠᠷᠣᠳᠡᠯ ᠢ ᠲᠣᠰ ᠱᠠᠳᠣᠨ ᠤ ᠡᠳ᠋  ᠤᠨ ᠵᠠᠰᠠᠭ ᠤᠨ ᠵᠢᠯ ᠤᠨ ᠲᠦᠰᠣᠪ ᠳᠤ   ᠣᠷᠣᠭᠤᠯᠣᠨ᠎ᠠ᠃ ᠨᠠᠶᠢᠳᠡ ᠶᠢᠨ ᠡᠳ᠋ ᠤᠨ ᠵᠠᠰᠠᠭ ᠠᠴᠠ ᠪᠦᠬᠦ ᠠᠷᠡᠳ  ᠤᠨ ᠪᠠᠶ᠎ᠠ ᠪᠣᠯᠪᠠᠰᠣᠷᠡᠬᠤ ᠵᠠᠷᠣᠳᠡᠯ ᠳᠤ   ᠣᠷᠣᠭᠤᠯᠬᠤ ᠬᠦᠴᠣᠯᠠᠴᠠ ᠶᠢ ᠨᠡᠮᠡᠭᠳᠡᠬᠦᠯᠣᠨ᠂ ᠪᠦᠬᠦ ᠠᠷᠡᠳ ᠤᠨ ᠪᠠᠶ᠎ᠠ ᠪᠣᠯᠪᠠᠰᠣᠷᠡᠬᠤ ᠵᠠᠷᠣᠳᠡᠯ ᠢ ᠲᠣᠮᠳᠡᠴᠢ ᠪᠠᠷ   ᠬᠦᠮᠣᠨ ᠪᠦᠬᠦᠨ ᠳᠤ 2 ᠲᠦᠬᠦᠷᠢᠭ ᠠᠴᠠ ᠲᠣᠷᠣᠬᠰᠢ ᠪᠠᠶᠢᠯᠭᠠᠵᠤ ᠪᠤᠯᠬᠤ ᠦᠭᠡᠢ ᠶᠢ ᠪᠠᠳᠣᠯᠠᠬᠤ ᠮᠦᠷᠳᠡᠭᠡᠨ ᠬᠦᠮᠣᠨ   ᠠᠮᠠ ᠬᠢᠬᠡᠳ ᠠᠵᠣ ᠠᠬᠤᠢ ᠶᠢᠨ ᠨᠡᠮᠡᠯᠳᠡ ᠶᠢ ᠲᠠᠭᠠᠯᠳᠣᠨ ᠲᠣᠬᠢᠷᠡᠮᠵᠢᠳᠡᠢ ᠪᠠᠷ ᠨᠡᠮᠡᠭᠳᠡᠬᠦᠯᠣᠨ᠎ᠠ᠃ ᠪᠠᠶ᠎ᠠ ᠲᠠᠮᠢᠷ ᠤᠨ   ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠪᠠᠶ᠎ᠠ ᠲᠠᠮᠢᠷ ᠤᠨ ᠵᠠᠷᠣᠳᠡᠯ ᠤᠨ ᠵᠠᠷᠣᠯᠭ᠎ᠠ ᠶᠢᠨ ᠲᠣᠬᠳᠡᠴᠠ ᠶᠢ   ᠰᠠᠶᠢᠵᠢᠷᠡᠭᠤᠯᠣᠨ᠂ ᠪᠠᠶ᠎ᠠ ᠲᠠᠮᠢᠷ ᠤᠨ ᠰᠣᠭᠤᠯᠤᠭ᠎ᠠ ᠶᠢᠨ ᠠᠰᠠᠷᠡᠮᠵᠢ ᠶᠢᠨ ᠮᠦᠩᠬᠦᠨ ᠤ 70%   ᠶᠢ ᠪᠦᠬᠦ ᠠᠷᠡᠳ ᠤᠨ   ᠪᠠᠶ᠎ᠠ ᠪᠣᠯᠪᠠᠰᠣᠷᠡᠬᠤ ᠠᠵᠢᠯ ᠣᠶᠢᠯᠡᠰ ᠲᠤ ᠭᠡᠷᠡᠭᠯᠡᠬᠦ  ᠶᠢ ᠪᠠᠳᠣᠯᠠᠨ᠎ᠠ᠃ ᠬᠠᠮᠳᠣ ᠨᠢ᠂ ᠪᠡᠯᠡ ᠣᠷᠣᠭᠤᠯᠣᠯᠳᠡ᠂ ᠪᠡᠯᠡ   ᠮᠦᠩᠬᠦ ᠴᠣᠬᠯᠠᠭᠤᠯᠬᠤ ᠠᠷᠭ᠎ᠠ ᠵᠠᠮ ᠢ ᠢᠳᠡᠪᠬᠢᠳᠡᠢ ᠦᠷᠭᠡᠳᠭᠡᠨ᠂ ᠨᠡᠶᠢᠭᠡᠮ ᠤᠨ ᠪᠡᠯᠡ ᠮᠦᠩᠬᠦ ᠶᠢ ᠣᠷᠣᠭᠤᠯᠵᠣ᠂   ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ ᠣᠶᠢᠯᠡᠰ ᠢ ᠬᠦᠭᠵᠢᠬᠦᠯᠣᠨ᠎ᠠ᠃ ᠪᠦᠬᠦ ᠠᠷᠡᠳ ᠤᠨ ᠪᠠᠶ᠎ᠠ ᠪᠣᠯᠪᠠᠰᠣᠷᠡᠬᠤ   ᠨᠡᠶᠢᠭᠡᠮᠴᠢᠯᠡᠯᠳᠡ᠂ ᠵᠠᠬ᠎ᠠ ᠲᠡᠯᠭᠡᠬᠦᠷᠵᠢᠯᠳᠡ ᠶᠢ ᠲᠦᠯᠬᠢᠨ ᠠᠬᠢᠭᠤᠯᠬᠤ ᠳᠤ ᠠᠰᠢᠬᠳᠡᠢ ᠠᠵᠢᠯ ᠤᠨ ᠲᠣᠬᠳᠡᠴᠠ ᠶᠢ   ᠠᠯᠬᠤᠮ ᠠᠯᠬᠤᠮ  ᠢᠶᠠᠷ ᠪᠦᠷᠢᠯᠳᠣᠬᠦᠯᠣᠨ᠎ᠠ᠃           ︵ᠭᠤᠷᠪᠡ︶ ᠪᠦᠬᠦ ᠠᠷᠡᠳ ᠤᠨ ᠪᠠᠶ᠎ᠠ ᠪᠣᠯᠪᠠᠰᠣᠷᠡᠬᠤ ᠭᠠᠵᠡᠷ ᠤᠨ ᠲᠦᠬᠦᠭᠡᠷᠣᠮᠵᠢ ᠨᠢ ᠨᠡᠶᠢᠭᠡᠮ ᠳᠤ   ᠬᠠᠨᠳᠣᠭᠤᠯᠵᠣ ᠨᠡᠭᠡᠭᠡᠬᠦ ᠣᠷᠳᠣ ᠬᠤᠭᠤᠴᠠᠭ᠎ᠠ ᠬᠦᠴᠣᠨᠳᠡᠢ ᠲᠣᠬᠳᠡᠴᠠ ᠶᠢ ᠪᠠᠶᠢᠭᠤᠯᠣᠨ᠎ᠠ᠃ ᠨᠡᠶᠢᠭᠡᠮ ᠤᠨ ᠬᠦᠴᠣᠨ  ᠢ   ᠵᠣᠷᠢᠬᠵᠢᠭᠤᠯᠣᠨ ᠪᠠᠭ᠎ᠠ ᠬᠡᠯᠪᠡᠷᠢ ᠶᠢᠨ ᠣᠯᠡᠨ ᠶᠠᠩᠵᠣᠳᠣ ᠪᠠᠶ᠎ᠠ ᠲᠠᠮᠢᠷ ᠤᠨ ᠪᠠᠶ᠎ᠠ ᠪᠣᠯᠪᠠᠰᠣᠷᠡᠬᠤ ᠭᠠᠵᠡᠷ ᠤᠨ   ᠲᠦᠬᠦᠭᠡᠷᠣᠮᠵᠢ ᠶᠢ ᠪᠦᠳᠣᠭᠡᠨ ᠪᠠᠶᠢᠭᠤᠯᠣᠨ᠎ᠠ᠃   ᠴᠡᠴᠡᠷᠯᠢᠭ᠂ ᠵᠦᠯᠭᠡ ᠭᠠᠵᠡᠷ᠂ ᠠᠭᠤᠳᠡᠮ ᠲᠠᠯᠠᠪᠠᠢ ᠳᠤ ᠪᠠᠶ᠎ᠠ   ᠪᠣᠯᠪᠠᠰᠣᠷᠡᠬᠤ ᠣᠶᠢᠯᠡᠳᠣᠯ ᠲᠠᠢ ᠲᠦᠬᠦᠭᠡᠷᠣᠮᠵᠢ ᠶᠢ ᠲᠣᠬᠢᠷᠡᠭᠤᠯᠵᠣ᠂ ᠣᠯᠡᠨ ᠲᠦᠮᠡᠨ ᠤ ᠪᠠᠶ᠎ᠠ ᠪᠣᠯᠪᠠᠰᠣᠷᠡᠬᠤ ᠳᠤ   ᠲᠦᠬᠦᠮ ᠲᠦᠳᠡ ᠶᠢ ᠬᠠᠩᠭᠠᠨ᠎ᠠ᠃ ᠰᠣᠷᠭᠠᠭᠤᠯᠢ᠂ ᠪᠠᠶᠢᠭᠤᠯᠭ᠎ᠠ᠂ ᠠᠵᠣ ᠠᠬᠤᠶᠢᠯᠠᠯ ᠠᠵᠢᠯ ᠣᠶᠢᠯᠡᠰ ᠤᠨ ᠨᠢᠭᠡᠴᠠ   ᠶᠢᠨ ᠪᠠᠶ᠎ᠠ ᠲᠠᠮᠢᠷ ᠤᠨ ᠣᠷᠳᠣᠨ ᠨᠢ ᠨᠡᠶᠢᠭᠡᠮ ᠳᠤ ᠬᠠᠨᠳᠣᠭᠤᠯᠣᠨ ᠰᠣᠶᠢᠳᠭᠡᠯ ᠠᠪᠬᠤ ᠦᠭᠡᠢ ᠡᠰᠠᠬᠦᠯ᠎ᠠ ᠲᠣᠣᠷ᠎ᠡ ᠦᠨ᠎ᠠ   ᠪᠠᠷ ᠨᠡᠭᠡᠭᠡᠬᠦ ᠶᠢ ᠢᠳᠡᠪᠬᠢᠳᠡᠢ ᠵᠣᠷᠢᠬᠵᠢᠭᠤᠯᠵᠣ᠂ ᠵᠠᠰᠠᠭ ᠤᠨ ᠣᠷᠳᠣᠨ ᠠᠴᠠ ᠬᠤᠳᠡᠯᠳᠣᠨ ᠠᠪᠬᠤ ᠣᠶᠢᠯᠡᠴᠢᠯᠡᠭᠡᠨ ᠳᠤ   ᠨᠦᠬᠦᠪᠣᠷᠢ ᠦᠭᠬᠦᠨ᠎ᠠ᠃ ᠪᠠᠶ᠎ᠠ ᠪᠣᠯᠪᠠᠰᠣᠷᠡᠬᠤ ᠲᠦᠬᠦᠭᠡᠷᠣᠮᠵᠢ ᠶᠢ ᠨᠡᠶᠢᠭᠡᠮ ᠳᠤ ᠬᠠᠨᠳᠣᠭᠤᠯᠣᠨ ᠨᠡᠭᠡᠭᠡᠬᠦ ᠲᠦᠷᠢᠮ ᠢ   ᠪᠦᠷᠢᠨ ᠲᠡᠬᠦᠯᠳᠡᠷᠵᠢᠬᠦᠯᠵᠣ᠂ ᠣᠳᠣ ᠪᠠᠶᠢᠭ᠎ᠠ ᠨᠠᠶᠢᠳᠡ ᠶᠢᠨ ᠪᠠᠶ᠎ᠠ ᠲᠠᠮᠢᠷ ᠤᠨ ᠣᠷᠳᠣᠨ ᠤ ᠲᠦᠬᠦᠭᠡᠷᠣᠮᠵᠢ ᠶᠢᠨ   ᠠᠰᠢᠬᠯᠯᠠᠳᠡ ᠶᠢᠨ ᠨᠣᠷᠮ᠎ᠠ ᠪᠣᠯᠣᠨ ᠬᠠᠮᠢᠶᠠᠷᠣᠯᠳᠡ ᠡᠵᠡᠩᠨᠡᠯᠳᠡ ᠶᠢᠨ ᠣᠶᠢᠯᠡᠴᠢᠯᠡᠭᠡᠨ ᠤ ᠬᠢᠷᠢ ᠲᠦᠪᠰᠢᠨ ᠢ   ᠲᠡᠭᠡᠭᠰᠢᠯᠠᠬᠦᠯᠣᠨ᠂   ᠪᠦᠬᠦ ᠠᠷᠡᠳ ᠤᠨ ᠪᠠᠶ᠎ᠠ ᠪᠣᠯᠪᠠᠰᠣᠷᠡᠬᠤ ᠨᠡᠶᠢᠳᠡ ᠶᠢᠨ ᠣᠶᠢᠯᠡᠴᠢᠯᠡᠭᠡᠨ ᠤ ᠲᠦᠷᠣᠯ ᠵᠣᠶᠢᠯ ᠢ   ᠬᠦᠳᠡᠭᠡ ᠲᠣᠰᠬᠤᠨ ᠮᠠᠯᠵᠢᠬᠤ ᠣᠷᠣᠨ᠂ ᠨᠡᠶᠢᠭᠡᠮ ᠲᠣᠭᠤᠷᠢᠭ ᠲᠤ ᠣᠷᠣᠭᠤᠯᠬᠤ ᠶᠢ ᠲᠦᠯᠬᠢᠨ ᠠᠬᠢᠭᠤᠯᠵᠣ᠂ ᠬᠤᠳᠡ   ᠬᠦᠳᠡᠭᠡ ᠶᠢᠨ ᠪᠦᠬᠦ ᠠᠷᠡᠳ ᠤᠨ ᠪᠠᠶ᠎ᠠ ᠪᠣᠯᠪᠠᠰᠣᠷᠡᠬᠤ ᠨᠠᠶᠢᠳᠡ  ᠶᠢᠨ ᠣᠶᠢᠯᠡᠴᠢᠯᠡᠭᠡᠨ ᠤ ᠲᠠᠩᠴᠠᠬᠦᠷᠢ ᠲᠠᠢ ᠪᠠᠶᠢᠬᠤ ᠶᠢ   ᠲᠦᠯᠬᠢᠨ ᠠᠬᠢᠭᠤᠯᠣᠨ᠎ᠠ᠃           ︵ᠲᠦᠷᠪᠡ︶ ᠬᠦᠯ ᠪᠦᠮᠪᠦᠭᠡ ᠶᠢᠨ ᠦᠭᠡᠷᠡᠴᠢᠯᠡᠯᠳᠡ ᠬᠦᠭᠵᠢᠬᠦᠯᠣᠯᠳᠡ ᠶᠢ ᠢᠳᠡᠪᠬᠢᠳᠡᠢ ᠠᠬᠢᠭᠤᠯᠣᠨ᠎ᠠ᠃ ᠡᠯ᠎ᠠ   ᠱᠠᠳᠣᠨ ᠤ ᠵᠠᠰᠠᠭ ᠤᠨ ᠣᠷᠳᠣᠨ ᠠᠴᠠ ᠬᠦᠯ ᠪᠦᠮᠪᠦᠭᠡ ᠶᠢᠨ ᠦᠭᠡᠷᠡᠴᠢᠯᠡᠯᠳᠡ ᠬᠦᠭᠵᠢᠬᠦᠯᠣᠯᠳᠡ ᠶᠢᠨ ᠠᠵᠢᠯ  ᠤᠨ   ᠣᠳᠣᠷᠢᠳᠣᠯᠭ᠎ᠠ ᠶᠢ ᠴᠢᠩᠭᠠᠳᠬᠠᠨ᠂ ᠬᠦᠯ ᠪᠦᠮᠪᠦᠭᠡ ᠶᠢᠨ ᠦᠭᠡᠷᠡᠴᠢᠯᠡᠯᠳᠡ ᠬᠦᠭᠵᠢᠬᠦᠯᠣᠯᠳᠡ ᠶᠢᠨ ︽ᠲᠠᠪᠣᠨ   ᠣᠷᠣᠭᠤᠯᠣᠯᠳᠡ︾ ᠶᠢ ᠰᠠᠶᠢᠳᠣᠷ ᠬᠢᠨ᠎ᠠ᠂ ᠲᠠᠷᠣᠢ᠂ ᠬᠦᠯ ᠪᠦᠮᠪᠦᠭᠡ ᠶᠢᠨ ᠦᠭᠡᠷᠡᠴᠢᠯᠡᠯᠳᠡ ᠬᠦᠭᠵᠢᠬᠦᠯᠣᠯᠳᠡ ᠶᠢ ᠪᠦᠬᠦ   ᠲᠠᠯ᠎ᠠ ᠪᠠᠷ ᠬᠦᠨᠵᠡᠭᠡᠢ ᠦᠭᠡᠷᠡᠴᠢᠯᠡᠬᠦ ᠶᠢᠨ ᠭᠤᠣᠯᠳᠡᠯᠭ᠎ᠠ ᠶᠢᠨ ᠠᠭᠤᠯᠭ᠎ᠠ ᠳᠤ ᠣᠷᠣᠭᠤᠯᠣᠨ᠎ᠠ᠂ ᠬᠦᠯ ᠪᠦᠮᠪᠦᠭᠡ ᠶᠢᠨ   ᠬᠦᠭᠵᠢᠬᠦᠯᠣᠯᠳᠡ ᠶᠢ ᠲᠣᠰ ᠭᠠᠵᠡᠷ ᠤᠨ ᠠᠵᠣ ᠠᠬᠤᠢ ᠨᠡᠶᠢᠭᠡᠮ ᠤᠨ ᠬᠦᠭᠵᠢᠯᠳᠡ ᠶᠢᠨ ᠲᠦᠯᠣᠪᠵᠢᠬᠦᠯᠭᠡ ᠳᠤ   ᠣᠷᠣᠭᠤᠯᠣᠨ᠎ᠠ  ᠂ ᠬᠦᠯ   ᠪᠦᠮᠪᠦᠭᠡ ᠶᠢᠨ ᠦᠭᠡᠷᠡᠴᠢᠯᠡᠯᠳᠡ ᠪᠣᠯᠣᠨ ᠬᠦᠭᠵᠢᠬᠦᠯᠣᠯᠳᠡ ᠶᠢᠨ ᠲᠣᠰᠬᠠᠢ ᠲᠦᠷᠣᠯ ᠤᠨ ᠪᠡᠯᠡ   ᠮᠦᠩᠬᠦ ᠶᠢ ᠲᠣᠰ ᠱᠠᠳᠣᠨ ᠤ ᠡᠳ᠋ ᠤᠨ ᠵᠠᠰᠠᠭ ᠤᠨ ᠲᠦᠰᠣᠪ ᠳᠤ ᠣᠷᠣᠭᠤᠯᠣᠨ᠎ᠠ᠂ ᠬᠦᠯ ᠪᠦᠮᠪᠦᠭᠡ ᠶᠢᠨ ᠰᠠᠭᠤᠷᠢ   ᠲᠦᠬᠦᠭᠡᠷᠣᠮᠵᠢ ᠶᠢᠨ ᠪᠦᠳᠣᠭᠡᠨ ᠪᠠᠶᠢᠭᠤᠯᠣᠯᠳᠡ ᠶᠢ ᠳᠤᠰ ᠭᠠᠵᠡᠷ ᠤᠨ ᠬᠤᠳᠡ ᠬᠦᠳᠡᠭᠡ ᠶᠢᠨ ᠲᠦᠯᠣᠪᠵᠢᠬᠦᠯᠭᠡ ᠪᠣᠯᠣᠨ   ᠭᠠᠵᠡᠷ ᠰᠢᠷᠣᠢ ᠶᠢᠨ ᠠᠰᠢᠬᠯᠡᠯᠳᠡ ᠶᠢᠨ ᠶᠠᠷᠣᠩᠭᠡᠢ ᠲᠦᠯᠣᠪᠵᠢᠬᠦᠯᠭᠡ ᠳᠤ ᠣᠷᠣᠭᠤᠯᠣᠨ᠎ᠠ᠂ ᠬᠦᠯ ᠪᠦᠮᠪᠦᠭᠡ ᠶᠢᠨ   ᠦᠭᠡᠷᠡᠴᠢᠯᠡᠯᠳᠡ ᠬᠦᠭᠵᠢᠬᠦᠯᠣᠯᠳᠡ ᠶᠢᠨ ᠠᠵᠢᠯ ᠢ ᠲᠣᠰ ᠱᠠᠳᠣᠨ ᠤ ᠠᠷᠡᠳ ᠤᠨ ᠵᠠᠰᠠᠭ ᠤᠨ ᠣᠷᠳᠣᠨ ᠤ ᠠᠵᠢᠯ ᠢ   ᠦᠨᠡᠯᠡᠨ ᠵᠢᠱᠢᠬᠦ ᠠᠭᠤᠯᠭ᠎ᠠ ᠳᠤ ᠣᠷᠣᠭᠤᠯᠣᠨ᠎ᠠ᠃ ᠬᠦᠯ ᠪᠦᠮᠪᠦᠭᠡ  ᠶᠢᠨ ᠲᠠᠯᠠᠪᠠᠢ ᠶᠢᠨ ᠲᠦᠬᠦᠭᠡᠷᠣᠮᠵᠢ ᠶᠢᠨ ᠪᠦᠳᠣᠭᠡᠨ   ᠪᠠᠶᠢᠭᠤᠯᠣᠯᠳᠡ ᠶᠢᠨ ᠬᠦᠴᠣᠯᠠᠴᠠ ᠶᠢ ᠨᠡᠮᠡᠭᠳᠡᠬᠦᠯᠣᠨ᠂ ᠬᠦᠯ ᠪᠦᠮᠪᠦᠭᠡᠨ ᠨᠡᠶᠢᠭᠡᠮᠯᠭ᠂ ᠬᠦᠯ ᠪᠦᠮᠪᠦᠭᠡ ᠶᠢᠨ ᠺᠯᠦ᠋ᠪ ᠤᠨ   ᠬᠠᠮᠢᠶᠠᠷᠣᠯᠳᠡ ᠶᠢ ᠴᠢᠩᠭᠠᠳᠬᠠᠨ᠂ ᠰᠣᠷᠭᠠᠭᠤᠯᠢ ᠶᠢᠨ ᠬᠦᠷᠢᠶᠠᠨ ᠤ ᠬᠦᠯ ᠪᠦᠮᠪᠦᠭᠡ᠂ ᠨᠡᠶᠢᠭᠡᠮ ᠤᠨ ᠬᠦᠯ ᠪᠦᠮᠪᠦᠭᠡ᠂   ᠨᠡᠶᠢᠭᠡᠮ ᠲᠣᠭᠤᠷᠢᠭ ᠤᠨ ᠬᠦᠯ ᠪᠦᠮᠪᠦᠭᠡ ᠶᠢᠨ ᠬᠠᠮᠳᠣᠷᠡᠬᠰᠠᠨ ᠣᠷᠣᠯᠳᠣᠭᠠᠨ ᠤ ᠲᠣᠬᠳᠡᠴᠠ ᠶᠢ ᠪᠠᠶᠢᠭᠤᠯᠣᠨ᠎ᠠ᠂   ᠠᠵᠢᠯᠳᠡᠨ᠂ ᠨᠡᠶᠢᠭᠡᠮ ᠲᠣᠭᠤᠷᠢᠭ ᠤᠨ ᠬᠦᠯ ᠪᠦᠮᠪᠦᠭᠡ ᠶᠢᠨ ᠬᠠᠮᠳᠣᠷᠡᠬᠰᠠᠨ ᠣᠷᠣᠯᠳᠣᠭᠠᠨ ᠢ ᠲᠦᠯᠬᠢᠨ ᠠᠬᠢᠭᠤᠯᠵᠣ᠂   ᠬᠠᠷᠢᠴᠠᠩᠭᠤᠢ ᠪᠦᠷᠢᠨ ᠲᠡᠬᠦᠯᠳᠡᠷᠵᠢᠭᠰᠡᠨ ᠬᠦᠯ   ᠪᠦᠮᠪᠦᠭᠡ ᠶᠢᠨ ᠬᠠᠮᠳᠣᠷᠡᠬᠰᠠᠨ ᠰᠢᠰᠲ᠋ᠧᠮ ᠢ ᠡᠬᠦᠳᠣᠨ ᠪᠠᠶᠢᠭᠤᠯᠣᠨ᠎ᠠ᠃   ᠦᠪᠡᠷᠳᠡᠭᠡᠨ ᠵᠠᠰᠠᠬᠤ ᠣᠷᠣᠨ ᠤ ᠲᠠᠰ ᠤᠨ ᠬᠦᠯ ᠪᠦᠮᠪᠦᠭᠡ ᠶᠢᠨ ᠪᠣᠯᠪᠠᠰᠣᠷᠡᠯ ᠤᠨ ᠰᠠᠭᠤᠷᠢᠨ ᠭᠠᠵᠡᠷ ᠪᠣᠯᠣᠨ   ᠦᠪᠡᠷᠳᠡᠭᠡᠨ ᠵᠠᠰᠠᠬᠤ ᠣᠷᠣᠨ ᠤ ᠲᠠᠰ ᠤᠨ ᠵᠠᠯᠠᠭᠤᠴᠣᠳ ᠪᠠᠭᠠᠴᠣᠳ ᠤᠨ ᠬᠦᠯ ᠪᠦᠮᠪᠦᠭᠡ ᠶᠢᠨ ᠵᠣᠨ ᠤ   ᠠᠮᠠᠷᠡᠯᠳᠡ   ᠶᠢᠨ ᠠᠵᠢᠯᠯᠠᠭᠠᠨ ᠤ ᠰᠠᠭᠤᠷᠢᠨ ᠭᠠᠵᠡᠷ ᠢ ᠪᠠᠶᠢᠭᠤᠯᠣᠨ᠂ ︽ᠦᠪᠡᠷᠳᠡᠭᠡᠨ ᠵᠠᠰᠠᠬᠤ ᠣᠷᠣᠨ ᠤ ᠲᠠᠰ ᠤᠨ ᠰᠣᠷᠭᠠᠭᠤᠯᠢ   ᠶᠢᠨ ᠬᠦᠷᠢᠶᠠᠨ  ᠤ ᠬᠦᠯ ᠪᠦᠮᠪᠦᠭᠡ ᠶᠢᠨ ᠣᠨᠴᠠᠯᠢᠭᠳᠣ ᠰᠣᠷᠭᠠᠭᠤᠯᠢ︾ ᠶᠢ ᠡᠬᠦᠳᠣᠨ ᠪᠠᠶᠢᠭᠤᠯᠣᠨ ︽ᠣᠯᠣᠰ ᠤᠨ ᠲᠠᠰ   ᠤᠨ ᠬᠦᠯ ᠪᠦᠮᠪᠦᠭᠡ ᠶᠢᠨ ᠣᠨᠴᠠᠯᠢᠬᠳᠣ ᠰᠣᠷᠭᠠᠭᠤᠯᠢ︾ ᠶᠢ ᠴᠢᠷᠮᠠᠶᠢᠨ ᠡᠬᠦᠳᠣᠨ᠎ᠠ᠃ ᠵᠠᠯᠠᠭᠤᠴᠣᠳ ᠪᠠᠭᠠᠴᠣᠳ ᠪᠣᠯᠣᠨ   ᠰᠣᠷᠭᠠᠬᠴᠢ᠂ ᠬᠢᠨᠠᠬᠴᠢ ᠶᠢᠨ ᠪᠣᠯᠪᠠᠰᠣᠷᠡᠯ ᠤᠨ ᠰᠢᠰᠲ᠋ᠧᠮ ᠢ ᠪᠠᠶᠢᠭᠤᠯᠣᠨ ᠲᠡᠬᠦᠯᠳᠡᠷᠵᠢᠬᠦᠯᠵᠣ᠂ ᠬᠦᠯ ᠪᠦᠮᠪᠦᠭᠡ  ᠶᠢᠨ   ᠡᠩᠨᠡᠭᠡ ᠶᠢᠨ ᠬᠦᠭᠵᠢᠯᠳᠡ ᠶᠢ ᠠᠬᠢᠭᠤᠯᠣᠨ᠂   ᠬᠦᠯ ᠪᠦᠮᠪᠦᠭᠡ ᠶᠢᠨ ᠰᠠᠶᠢᠨ ᠰᠠᠶᠢᠬᠠᠨ ᠰᠣᠶᠣᠯ ᠤᠨ ᠣᠷᠴᠢᠨ ᠠᠬᠤᠢ ᠶᠢ   ᠡᠬᠦᠳᠣᠨ ᠪᠠᠶᠢᠭᠤᠯᠣᠨ᠎ᠠ᠃             ︵ᠲᠠᠪᠤ︶ ᠨᠡᠶᠢᠭᠡᠮ ᠤᠨ ᠪᠠᠶ᠎ᠠ ᠲᠠᠮᠢᠷ ᠤᠨ ᠵᠣᠬᠢᠶᠠᠨ ᠪᠠᠶᠢᠭᠤᠯᠣᠯᠳᠡ ᠪᠣᠯᠣᠨ ᠡᠩᠨᠡᠭᠡ ᠶᠢᠨ ᠪᠦᠳᠣᠭᠡᠨ   ᠪᠠᠶᠢᠭᠤᠯᠣᠯᠳᠡ ᠶᠢ ᠪᠦᠬᠦ ᠬᠦᠴᠣ ᠪᠠᠷ ᠲᠦᠯᠬᠢᠨ ᠠᠬᠢᠭᠤᠯᠣᠨ᠎ᠠ᠃ ᠪᠠᠶ᠎ᠠ ᠲᠠᠮᠢᠷ ᠤᠨ ᠶᠠᠷᠣᠩᠭᠡᠢ ᠡᠪᠯᠡᠯ᠂ ᠨᠠᠶᠢᠭᠡᠮ  ᠤᠨ   ᠪᠠᠶ᠎ᠠ ᠲᠠᠮᠢᠷ ᠤᠨ ᠵᠢᠯᠣᠭᠤᠳᠣᠬᠴᠢ ᠶᠢᠨ ᠨᠡᠶᠢᠭᠡᠮᠯᠢᠭ᠂ ᠨᠠᠰᠣᠳᠡᠶᠢᠴᠣᠳ ᠤᠨ ᠪᠠᠶ᠎ᠠ ᠲᠠᠮᠢᠷ ᠤᠨ ᠨᠠᠶᠢᠭᠡᠮᠯᠢᠭ᠂ ᠮᠠᠯᠴᠢᠨ   ᠲᠠᠷᠢᠶᠠᠴᠢᠨ ᠤ ᠪᠠᠶ᠎ᠠ ᠲᠠᠮᠢᠷ ᠤᠨ ᠨᠡᠶᠢᠭᠡᠮᠯᠢᠭ᠂ ᠣᠶᠣᠳᠡᠳ ᠤᠨ ᠪᠠᠶ᠎ᠠ ᠲᠠᠮᠢᠷ ᠤᠨ ᠨᠡᠶᠢᠭᠡᠮᠯᠢᠭ ᠢ ᠴᠢᠩᠭᠠᠳᠬᠠᠨ᠎ᠠ᠃ ᠡᠯ᠎ᠠ   ᠭᠠᠭᠴᠠ ᠵᠣᠶᠢᠯ᠂ ᠠᠳᠡᠯᠢ ᠪᠣᠰᠣ   ᠠᠷᠡᠳ ᠣᠯᠡᠨ᠂ ᠡᠯ᠎ᠠ ᠠᠵᠢᠯ ᠲᠦᠷᠣᠯ ᠤᠨ ᠪᠠᠶ᠎ᠠ ᠲᠠᠮᠢᠷ ᠤᠨ ᠨᠡᠶᠢᠭᠡᠮᠯᠢᠭ ᠵᠢᠴᠢ   ᠪᠣᠰᠣᠳ ᠨᠡᠶᠢᠭᠡᠮ ᠤᠨ ᠪᠠᠶ᠎ᠠ ᠲᠠᠮᠢᠷ ᠤᠨ ᠵᠣᠬᠢᠶᠠᠨ ᠪᠠᠶᠢᠭᠤᠯᠣᠯᠳᠡ ᠶᠢ ᠲᠡᠮᠵᠢᠬᠦ ᠬᠦᠴᠣᠯᠠᠴᠠ ᠶᠢ ᠴᠢᠩᠭᠠᠳᠬᠠᠨ᠂   ᠲᠠᠬᠦᠨ ᠤ ᠪᠦᠬᠦ ᠠᠷᠡᠳ ᠤᠨ ᠪᠡᠶ᠎ᠠ ᠪᠣᠯᠪᠠᠰᠣᠷᠡᠬᠤ ᠲᠣᠮᠳᠡᠬᠢ ᠣᠶᠢᠯᠡᠳᠣᠯ ᠢ ᠬᠦᠢᠴᠡᠳ ᠪᠡᠳᠡᠷᠡᠭᠤᠯᠵᠣ᠂ ᠨᠡᠶᠢᠭᠡᠮ ᠤᠨ   ᠪᠠᠶ᠎ᠠ ᠲᠠᠮᠢᠷ ᠤᠨ ᠵᠣᠬᠢᠶᠠᠨ ᠪᠠᠶᠢᠭᠤᠯᠣᠯᠳᠡ᠂ ᠡᠩᠨᠡᠭᠡ᠂ ᠭᠤᠣᠯᠯᠠᠬᠴᠢ ᠬᠦᠴᠣᠨ ᠢ ᠬᠦᠮᠣᠵᠢᠬᠦᠯᠬᠦ ᠶᠢ ᠴᠢᠩᠭᠠᠳᠬᠠᠨ᠂   ᠪᠠᠶ᠎ᠠ ᠪᠣᠯᠪᠠᠰᠣᠷᠡᠬᠤ ᠵᠢᠯᠣᠭᠤᠳᠣᠬᠴᠢ ᠶᠢᠨ ᠡᠩᠨᠡᠭᠡ ᠶᠢᠨ ᠴᠢᠳᠡᠪᠣᠷᠢ ᠪᠣᠯᠣᠨ ᠬᠡᠪ ᠪᠣᠯᠪᠠᠰᠣᠷᠡᠯ ᠢ ᠲᠡᠭᠡᠭᠰᠢᠯᠠᠬᠦᠯᠣᠨ᠎ᠠ᠃  2020 ᠣᠨ ᠬᠦᠷᠳᠡᠯ᠎ᠠ᠂ ᠪᠦᠬᠦ ᠬᠤᠰᠢᠭᠤᠨ ᠤ ᠭᠠᠭᠴᠠ ᠵᠣᠶᠢᠯ ᠤᠨ ᠪᠠᠶ᠎ᠠ ᠲᠠᠮᠢᠷ ᠤᠨ ᠨᠡᠶᠢᠭᠡᠮᠯᠢᠭ 100 ᠬᠦᠷᠴᠣ᠂   ᠣᠨᠴᠠᠯᠢᠭᠳᠣ ᠲᠦᠷᠣᠯ ᠵᠣᠶᠢᠯ ᠤᠨ ᠰᠣᠷᠭᠠᠭᠤᠯᠢ ︵ᠺᠯᠦ᠋ᠪ︶ 20 ᠬᠦᠷᠴᠣ᠂   ᠣᠯᠠᠮᠵᠢᠯᠯᠠᠳᠣ ᠪᠠᠶ᠎ᠠ ᠲᠠᠮᠢᠷ ᠤᠨ   ᠰᠣᠷᠭᠠᠭᠤᠯᠢ 6 ᠬᠦᠷᠴᠣ᠂ ᠪᠠᠶ᠎ᠠ ᠲᠠᠮᠢᠷ ᠤᠨ ᠪᠡᠯᠡᠳᠭᠡᠯ ᠤᠨ ᠴᠢᠳᠡᠪᠣᠷᠢᠳᠡᠨ ᠤ ᠰᠠᠭᠤᠷᠢᠨ ᠭᠠᠵᠡᠷ 1 ᠬᠦᠷᠴᠣ᠂ ᠪᠦᠬᠦ   ᠠᠷᠡᠳ ᠤᠨ ᠪᠠᠶ᠎ᠠ ᠪᠣᠯᠪᠠᠰᠣᠷᠡᠬᠤ ᠦᠷᠳᠡᠭᠡ ︵ᠴᠡᠭ︶ 300 ᠬᠦᠷᠭᠡᠨ᠎ᠠ᠃ ᠪᠦᠬᠦ ᠠᠷᠡᠳ ᠤᠨ ᠪᠠᠶ᠎ᠠ ᠪᠣᠯᠪᠠᠰᠣᠷᠡᠬᠤ ︽  ᠶᠡᠭᠡ ᠬᠢᠴᠢᠶᠠᠯ ᠲᠠᠶᠢᠯᠣᠮᠵᠢ︾ ᠪᠣᠯᠣᠨ ᠪᠠᠶ᠎ᠠ ᠲᠠᠮᠢᠷ ᠢ ᠬᠦᠳᠡᠭᠡ ᠳᠤ ᠬᠦᠷᠭᠡᠬᠦ᠂ ᠪᠠᠶ᠎ᠠ ᠲᠠᠮᠢᠷ ᠢ ᠨᠡᠶᠢᠭᠡᠮ ᠲᠣᠭᠤᠷᠢᠭ   ᠲᠤ ᠣᠷᠣᠭᠤᠯᠬᠤ ᠵᠡᠷᠭᠡ ᠪᠦᠬᠦ ᠠᠷᠡᠳ ᠤᠨ ᠪᠠᠶ᠎ᠠ ᠪᠣᠯᠪᠠᠰᠣᠷᠡᠬᠤ ᠨᠡᠶᠢᠳᠡ ᠶᠢᠨ ᠣᠶᠢᠯᠡᠴᠢᠯᠡᠭᠡᠨ ᠤ ᠠᠵᠢᠯᠯᠠᠭᠠᠨ ᠤ   ᠲᠣᠮᠳᠡᠬᠢ ᠣᠶᠢᠯᠡᠳᠣᠯ ᠢ ᠢᠳᠡᠪᠬᠢᠳᠡᠢ ᠪᠠᠳᠡᠷᠡᠭᠤᠯᠣᠨ᠂ ᠰᠢᠨᠵᠢᠯᠡᠬᠦ ᠣᠬᠠᠭᠠᠨᠴᠢ ᠪᠠᠷ ᠪᠠᠶ᠎ᠠ ᠪᠣᠯᠪᠠᠰᠣᠷᠡᠬᠤ ᠮᠠᠳᠡᠯᠭᠡ  ᠶᠢ   ᠣᠬᠠᠭᠤᠯᠣᠨ ᠲᠦᠭᠡᠮᠡᠯᠵᠢᠬᠦᠯᠣᠨ᠂   ᠪᠦᠬᠦ ᠠᠷᠡᠳ ᠤᠨ ᠪᠠᠶ᠎ᠠ ᠪᠣᠯᠪᠠᠰᠣᠷᠡᠬᠤ ᠳᠤ ᠨᠡᠩ ᠰᠠᠶᠢᠨ ᠢᠶᠠᠷ ᠣᠶᠢᠯᠡᠴᠢᠯᠡᠨ᠎ᠠ᠃               ᠲᠠᠪᠤ᠂ ᠵᠣᠬᠢᠶᠠᠨ ᠪᠠᠶᠢᠭᠤᠯᠣᠯᠳᠡ ᠶᠢᠨ ᠪᠠᠳᠣᠯᠠᠭ᠎ᠠ             ︵ᠨᠢᠭᠡ︶ ᠬᠢᠨᠠᠯᠳᠡ ᠲᠠᠯᠪᠢᠨ ᠰᠢᠯᠭᠠᠨ ᠲᠣᠬᠳᠡᠭᠠᠬᠤ ᠲᠣᠬᠳᠡᠴᠠ ᠶᠢ ᠲᠡᠬᠦᠯᠳᠡᠷᠵᠢᠬᠦᠯᠣᠨ᠎ᠠ᠃ ᠪᠦᠬᠦ ᠠᠷᠡᠳ ᠤᠨ   ᠪᠠᠶ᠎ᠠ ᠪᠣᠯᠪᠠᠰᠣᠷᠡᠬᠤ ᠲᠦᠯᠣᠪᠯᠡᠭᠡ ᠶᠢ ᠭᠡᠷᠡᠭᠵᠢᠬᠦᠯᠬᠦ ᠳᠤ ᠬᠢᠨᠠᠯᠳᠡ ᠲᠠᠯᠪᠢᠨ ᠪᠠᠶᠢᠴᠠᠭᠠᠬᠤ ᠪᠣᠯᠣᠨ ᠰᠢᠯᠭᠠᠨ ᠲᠣᠬᠳᠡᠭᠠᠬᠤ   ᠵᠣᠷᠢᠬᠵᠢᠭᠤᠯᠬᠤ ᠠᠵᠢᠯ ᠤᠨ ᠬᠦᠴᠣᠯᠠᠴᠠ ᠶᠢ ᠴᠢᠩᠭᠠᠷᠡᠭᠤᠯᠵᠤ  ᠂ ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ   ᠣᠶᠢᠯᠡᠰ ᠤᠨ ᠬᠦᠭᠵᠢᠯᠳᠡ ᠶᠢᠨ ︽ᠭᠤᠷᠪᠡᠨ ᠣᠷᠣᠭᠤᠯᠣᠯᠳᠡ︾ ᠶᠢ ᠰᠢᠨᠵᠢᠯᠠᠬᠦ ᠣᠬᠠᠭᠠᠨᠴᠢ ᠪᠠᠷ ᠦᠨᠡᠯᠡᠬᠦ ᠲᠣᠬᠳᠡᠴᠠ   ᠶᠢ ᠪᠠᠶᠢᠭᠤᠯᠣᠨ᠎ᠠ᠃ ᠪᠠᠶ᠎ᠠ ᠲᠠᠮᠢᠷ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠨᠢ ᠬᠤᠯᠪᠣᠬᠳᠡᠯ ᠪᠦᠬᠦᠢ ᠰᠠᠯᠠᠭ᠎ᠠ   ᠮᠦᠴᠢᠷ ᠲᠠᠢ ᠬᠠᠮᠳᠣ᠂ ᠵᠢᠯ ᠪᠦᠷᠢ ᠳᠤ ᠪᠦᠬᠦ ᠠᠷᠡᠳ ᠤᠨ ᠪᠠᠶ᠎ᠠ ᠪᠣᠯᠪᠠᠰᠣᠷᠡᠬᠤ ᠳᠤ ᠭᠡᠷᠡᠭᠵᠢᠬᠦᠯᠬᠦ ᠲᠦᠯᠣᠪᠯᠡᠭᠡ ᠶᠢ   ᠨᠠᠶᠢᠳᠡᠪᠣᠷᠢᠵᠢᠭᠤᠯᠣᠬᠰᠠᠨ ᠪᠠᠶᠢᠳᠡᠯ ᠢ ᠰᠢᠯᠭᠠᠨ ᠲᠣᠬᠳᠡᠭᠠᠬᠤ ᠪᠦᠭᠡᠳ᠂ ᠰᠢᠯᠭᠠᠨ ᠲᠣᠬᠳᠡᠭᠠᠬᠤ ᠦᠷ᠎ᠡ ᠳ᠋ᠦᠩ ᠢ   ᠬᠤᠰᠢᠭᠤᠨ ᠤ ᠠᠷᠡᠳ ᠤᠨ ᠵᠠᠰᠠᠭ ᠤᠨ ᠣᠷᠳᠣᠨ ᠪᠣᠯᠣᠨ ᠲᠠᠭᠡᠷ᠎ᠡ ᠲᠡᠰ ᠤᠨ ᠲᠣᠬᠠᠶᠢᠯᠠᠬᠰᠠᠨ ᠠᠵᠢᠯ ᠤᠨ ᠭᠤᠣᠯᠯᠠᠨ   ᠬᠠᠮᠢᠶᠠᠷᠬᠤ ᠰᠠᠯᠠᠭ᠎ᠠ ᠮᠦᠴᠢᠷ ᠲᠤ ᠮᠠᠳᠡᠬᠦᠯᠣᠨ᠎ᠠ᠃             ︵ᠬᠤᠶᠠᠷ︶ ᠵᠣᠬᠢᠶᠠᠨ ᠪᠠᠶᠢᠭᠤᠯᠣᠯᠳᠡ ᠶᠢᠨ ᠣᠳᠣᠷᠢᠳᠣᠯᠭ᠎ᠠ ᠶᠢ ᠴᠢᠩᠭᠠᠳᠬᠠᠨ᠎ᠠ᠃ ᠡᠯ᠎ᠠ ᠱᠠᠳᠣᠨ ᠤ ᠵᠠᠰᠠᠭ ᠤᠨ   ᠣᠷᠳᠣᠨ ᠳᠤᠰ ᠭᠠᠵᠡᠷ ᠤᠨ ᠪᠦᠬᠦ ᠠᠷᠡᠳ ᠤᠨ ᠪᠠᠶ᠎ᠠ ᠪᠣᠯᠪᠠᠰᠣᠷᠡᠬᠤ ᠣᠳᠣᠷᠢᠳᠣᠯᠭ᠎ᠠ ᠶᠢᠨ ᠪᠠᠶᠢᠭᠤᠯᠣᠮᠵᠢ ᠶᠢ   ᠪᠠᠶᠢᠭᠤᠯᠣᠨ ᠲᠡᠬᠦᠯᠳᠡᠷᠵᠢᠬᠦᠯᠵᠣ᠂ ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ ᠤᠨ ᠣᠳᠣᠷᠢᠳᠣᠯᠭ᠎ᠠ ᠶᠢ   ᠴᠢᠩᠭᠠᠳᠬᠠᠨ᠂ ᠪᠦᠬᠦ ᠠᠷᠡᠳ ᠤᠨ ᠪᠠᠶ᠎ᠠ ᠪᠣᠯᠪᠠᠰᠣᠷᠡᠬᠤ ᠠᠵᠢᠯ ᠢ ᠡᠳᠤᠷ ᠳᠤᠳᠤᠮ ᠤᠨ ᠵᠦᠪᠯᠡᠬᠦ ᠵᠦᠢᠯ ᠳᠡᠭᠡᠨ   ᠣᠷᠣᠭᠤᠯᠵᠣ᠂   ᠬᠦᠴᠢᠷ ᠪᠣᠯᠣᠨ ᠠᠰᠠᠭᠤᠳᠡᠯ ᠢ ᠴᠠᠭ ᠲᠣᠬᠠᠢ ᠳᠤᠨᠢ ᠰᠢᠢᠳᠪᠣᠷᠢᠯᠠᠨ᠎ᠠ᠂ ᠵᠠᠰᠠᠭ ᠤᠨ ᠣᠷᠳᠣᠨ ᠠᠴᠠ   ᠭᠤᠣᠯ ᠣᠳᠣᠷᠢᠳᠣᠨ᠂ ᠪᠠᠶ᠎ᠠ ᠲᠠᠮᠢᠷ ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ  ᠠᠴᠠ ᠵᠣᠬᠢᠶᠠᠨ ᠪᠠᠶᠢᠭᠤᠯᠣᠨ   ᠲᠣᠬᠢᠷᠡᠯᠴᠠᠬᠰᠠᠨ᠂ ᠬᠤᠯᠪᠣᠬᠳᠡᠯ ᠪᠦᠬᠦᠢ ᠰᠠᠯᠠᠭ᠎ᠠ ᠮᠦᠴᠢᠷ ᠠᠴᠠ ᠬᠠᠷᠢᠭᠤᠴᠠᠯᠭ᠎ᠠ  ᠪᠠᠨ ᠡᠬᠦᠷᠭᠡᠯᠡᠭᠰᠠᠨ᠂ ᠨᠡᠶᠢᠭᠡᠮ ᠤᠨ   ᠬᠦᠴᠣᠨ ᠢ ᠢᠳᠡᠪᠬᠢᠳᠡᠢ ᠬᠤᠷᠡᠮᠳᠣᠭᠤᠯᠣᠬᠰᠠᠨ᠂ ᠠᠷᠡᠳ ᠲᠦᠮᠡᠨ ᠦᠷᠭᠡᠨ ᠲᠡᠯᠭᠡᠷ ᠢᠶᠠᠷ ᠣᠷᠣᠯᠴᠠᠬᠰᠠᠨ ᠠᠵᠢᠯ ᠤᠨ   ᠪᠠᠶᠢᠳᠡᠯ ᠢ ᠪᠤᠢ ᠪᠤᠯᠭᠠᠨ᠎ᠠ᠃   ᠲᠣᠰ ᠭᠡᠷᠡᠭᠵᠢᠬᠦᠯᠬᠦ ᠲᠦᠯᠣᠪᠵᠢᠬᠦᠯᠭᠡ  ᠨᠢ ᠬᠤᠰᠢᠭᠤᠨ ᠤ ᠵᠠᠰᠠᠭ ᠤᠨ ᠣᠷᠳᠣᠨ ᠤ ᠣᠳᠣᠷᠢᠳᠣᠯᠭ᠎ᠠ ᠲᠣᠣᠷ᠎ᠡ᠂   ᠬᠤᠰᠢᠭᠤᠨ ᠤ ᠰᠣᠶᠣᠯ ᠪᠠᠶ᠎ᠠ ᠲᠠᠮᠢᠷ   ᠷᠡᠳᠢᠤ᠋ ᠲᠧᠯᠸᠢᠰ ᠤᠨ ᠲᠣᠪᠴᠢᠶ᠎ᠠ ᠬᠤᠯᠪᠣᠬᠳᠡᠯ ᠪᠦᠬᠦᠢ ᠰᠠᠯᠠᠭ᠎ᠠ ᠮᠦᠴᠢᠷ ᠲᠠᠢ   ᠬᠠᠮᠳᠤᠷᠡᠨ ︽ᠪᠦᠬᠦᠯᠢ ᠴᠣᠬᠴᠠᠳᠣ ᠲᠦᠯᠣᠪᠵᠢᠬᠦᠯᠭᠡ ᠶᠢ ᠠᠯᠬᠤᠮ ᠠᠯᠬᠤᠮ ᠢᠶᠠᠷ ᠭᠡᠷᠡᠭᠵᠢᠬᠦᠯᠬᠦ  ︾   ᠬᠡᠯᠪᠡᠷᠢ   ᠪᠠᠷ᠂   ᠵᠢᠯ ᠤᠨ ᠱᠠᠳᠣ ᠦᠶ᠎ᠠ ᠬᠤᠪᠢᠶᠠᠵᠣ ᠵᠣᠬᠢᠶᠠᠨ ᠪᠠᠶᠢᠭᠤᠯᠣᠨ ᠭᠡᠷᠡᠭᠵᠢᠬᠦᠯᠣᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号